ᠤᠷᠤᠨ ᠤ ᠬᠤᠶᠠᠷ ᠬᠤᠷᠠᠯ ᠤᠨ ᠰᠡᠳᠬᠢᠯ ᠤᠨ ᠳᠠᠭᠤᠨ — ᠳᠦᠯᠦᠭᠡᠯᠡᠭᠴᠢ ᠪᠦᠷᠢᠨᠴᠢᠮᠡᠭ᠄ ᠮᠤᠩᠭᠤᠯ‌ᠦᠨᠳᠦᠰᠦᠳᠠᠨ ᠤ ᠭᠠᠯ ᠲᠠᠬᠢᠯᠭ᠎ᠠ ᠶᠢᠨ ᠡᠳᠦᠷ ᠢ ᠬᠠᠤᠯᠢ ᠳᠤ ᠲᠤᠭᠳᠠᠭᠠᠭᠰᠠᠠ ᠠᠮᠠᠷᠠᠯᠳᠠ ᠶᠢᠨ ᠡᠳᠦᠷ ᠪᠤᠯᠭᠠᠪᠠᠯ ᠵᠤᠬᠢᠨ᠎ᠠ
ᠨᠡᠶᠢᠲᠡᠯᠡᠭᠰᠡᠨ ᠴᠠᠭ᠄
2018/11/1
     ᠪᠢᠯᠢᠭ ᠤᠨ ᠣᠯᠠᠷᠢᠯ ᠤᠨ ᠵᠢᠯ ᠪᠦᠷᠢ ᠶᠢᠨ ᠬᠦᠬᠡᠬᠡ ᠰᠠᠷ᠎ᠠ ᠶᠢᠨ 23 ᠪᠤᠶᠤ 24 ᠤ ᠡᠳᠦᠷ ᠪᠤᠯ ᠮᠤᠩᠭᠤᠯᠴᠤᠳ ᠤᠨ ᠭᠠᠯ ᠲᠠᠬᠢᠯᠭ᠎ᠠ ᠶᠢᠨ ᠡᠳᠦᠷ ᠪᠠᠶᠢᠵᠤ᠂ ᠮᠤᠩᠭᠤᠯᠴᠤᠳ ᠮᠠᠨᠢ ᠡᠨᠡᠬᠦ ᠲᠡᠤᠬᠡ ᠰᠤᠶᠤᠯ ᠵᠶ᠋ᠠᠨ‌ᠣᠯᠠᠨ ᠵᠠᠭᠤᠨ ᠢᠶᠠᠷ ᠦᠪᠯᠡᠨ ᠤᠯᠠᠮᠵᠢᠯᠠᠭᠰᠠᠭᠠᠷ ᠢᠷᠠᠪᠠ᠃ ᠬᠤᠳᠠᠴᠢᠯᠠᠯᠳᠠ ᠪᠤᠯᠤᠨ ᠨᠡᠶᠢᠬᠡᠮ ᠤᠨ ᠲᠦᠷᠬᠡᠨ‌‍ᠬᠦ᠋ᠭᠵᠢᠯᠳᠠ ᠶᠢᠨ ᠡᠷᠡᠨ ᠳᠤ ᠬᠦᠮᠦᠰ ᠬᠡᠳᠦ᠋ᠢᠪᠠᠷ ᠭᠠᠯ ᠲᠠᠬᠢᠯᠭ᠎ᠠ ᠶᠢᠨ ᠶᠤᠰᠤ ᠪᠠᠨ ᠪᠠᠷᠢᠮᠳᠠᠯᠠᠭᠰᠠᠭᠠᠷ ᠪᠤᠯᠪᠠᠴᠤ ᠤᠯᠠᠮᠵᠢᠯᠠᠯᠳᠤ ᠶᠤᠰᠤ ᠪᠠᠷ ᠢᠶᠠᠨ ᠪᠦᠷᠢᠨ ᠬᠦᠢᠴᠡᠳ ᠲᠠᠬᠢᠬᠤ ᠳᠤ ᠵᠤᠬᠢᠬᠤ ᠬᠡᠮᠵᠢᠶᠠᠨ ᠤ ᠬᠦᠴᠢᠷᠳᠡᠯ ᠳᠤ ᠣᠴᠠᠷᠠᠵᠣ᠂ ᠠᠮᠠᠷᠠᠯᠳᠠ ᠶᠢᠨ ᠡᠳᠦᠷ ᠲᠤᠬᠢᠶᠠᠯᠳᠤᠬᠤ ᠦᠬᠡᠢ ᠪᠤᠯ ᠬᠤᠳᠠ ᠶᠢᠨ ᠬᠦᠮᠦᠰ ᠤᠨ ᠤᠯᠠᠩᠬᠢ ᠨᠢ ᠶᠤᠰᠤ ᠵᠠᠩᠰᠢᠯ ᠢ ᠲᠦᠬᠦᠮᠴᠢᠯᠡᠬᠡᠳ ᠦᠩᠬᠡᠷᠡᠴᠢᠬᠡᠳᠡᠭ᠃ ᠡᠨᠡ ᠵᠢᠯ ᠤᠨ ︽ᠬᠤᠶᠠᠷ ᠬᠤᠷᠠᠯ︾ ᠲᠡᠬᠡᠷ᠎ᠠ ᠤᠳᠤᠭ ᠤᠨ ᠡᠮᠦᠨᠡᠳᠤ ᠬᠤᠰᠢᠭᠤᠨ ᠤ ᠲᠠᠷᠤᠭ᠎ᠠ ᠪᠦᠷᠢᠨᠴᠢᠮᠡᠭ ᠲᠦᠯᠦᠭᠡᠯᠡᠭᠴᠢ ︽ᠮᠤᠩᠭᠤᠯ ᠦᠨᠳᠦᠰᠦᠳᠠᠨ ᠤ ᠭᠠᠯ ᠲᠠᠬᠢᠯᠭ᠎ᠠ ᠶᠢᠨ ᠡᠳᠦᠷ ᠢ ᠦᠪᠡᠷᠳᠡᠬᠡᠨ ᠵᠠᠰᠠᠬᠤ ᠤᠷᠤᠨ ᠤ ᠬᠠᠤᠯᠢ ᠳᠤ ᠲᠤᠭᠳᠠᠭᠠᠭᠰᠠᠠ ᠠᠮᠠᠷᠠᠯᠳᠠ ᠶᠢᠨ ᠡᠳᠦᠷ ᠪᠤᠯᠭᠠᠬᠤ ᠳᠣᠬᠠᠢ︾ ᠰᠠᠨᠠᠭᠤᠯᠭ᠎ᠠ ᠲᠡᠪᠰᠢᠬᠦᠯᠵᠤ᠂ ᠮᠤᠩᠭᠤᠯᠴᠤᠳ ᠤᠨ ᠰᠡᠳᠬᠢᠯ ᠤᠨ ᠲᠠᠭᠤᠨ ᠢ ᠶᠡᠭᠡ ᠬᠤᠷᠠᠯ ᠳᠤ ᠲᠤᠰᠬᠠᠪᠠ᠃

      ᠪᠦᠷᠢᠨᠴᠢᠮᠡᠭ ᠲᠦᠯᠦᠭᠡᠯᠡᠭᠴᠢ ᠶᠢᠨ ᠬᠡᠯᠡᠬᠦ ᠪᠠᠷ᠂ ᠪᠦᠬᠦ ᠤᠯᠤᠰ ᠤᠨ 5 ᠦᠪᠡᠷᠳᠡᠬᠡᠨ ᠵᠠᠰᠠᠬᠤ ᠤᠷᠤᠨ ᠤ ᠪᠠᠶᠢᠳᠠᠯ ᠠᠴᠠ ᠦᠵᠡᠪᠠᠯ᠂ ᠤᠳᠤᠬᠠᠨ ᠳᠤ

ᠲᠦᠪᠡᠳ᠂ ᠭᠤᠸᠠᠩᠰᠢ᠂ ᠰᠢᠨᠵᠢᠶᠠᠩ᠂ ᠨᠢᠩᠰᠢᠶᠠ 4 ᠦᠪᠡᠷᠳᠡᠬᠡᠨ ᠵᠠᠰᠠᠬᠤ ᠤᠷᠤᠨ ᠤᠯᠤᠰ ᠤᠨ ᠬᠠᠤᠯᠢ ᠳᠤ ᠲᠤᠭᠳᠠᠭᠠᠭᠰᠠᠠ ᠠᠮᠠᠷᠠᠯᠳᠠ ᠶᠢᠨ ᠡᠳᠦᠷ ᠲᠠᠢ

ᠪᠠᠶᠢᠬᠤ ᠠᠴᠠ ᠭᠠᠳᠠᠨ᠎ᠠ ᠪᠠᠰᠠ ᠪᠦᠷ ᠦᠪᠡᠷ ᠤᠨ ᠦᠨᠳᠦᠰᠦᠳᠠᠨ ᠤ ᠤᠯᠠᠮᠵᠢᠯᠠᠯᠳᠤ ᠪᠠᠶᠠᠷ ᠲᠤᠷᠠᠰᠬᠠᠯ ᠤᠨ ᠡᠳᠦᠷ ᠢᠶᠠᠷ ᠨᠡᠷᠡᠶᠢᠳᠦᠭᠰᠡᠡ ᠦᠪᠡᠷᠳᠡᠬᠡᠨ ᠵᠠᠰᠠᠬᠤ

ᠤᠷᠤᠨ ᠤ ᠬᠠᠤᠯᠢ ᠳᠤ ᠲᠤᠭᠳᠠᠭᠠᠭᠰᠠᠠ ᠠᠮᠠᠷᠠᠯᠳᠠ ᠶᠢᠨ ᠡᠳᠦᠷ ᠲᠠᠢ᠃ ᠵᠢᠱᠢᠶᠡᠯᠡᠪᠠᠯ ᠲᠦᠪᠡᠳ ᠤᠨ ᠦᠪᠡᠷᠳᠡᠬᠡᠨ ᠵᠠᠰᠠᠬᠤ ᠤᠷᠤᠨ ᠤ ᠲᠦᠪᠡᠳ ᠲᠤᠭᠠᠯᠠᠯ ᠤᠨ

ᠰᠢᠨ᠎ᠠ ᠵᠢᠯ᠂ ᠰᠢᠨᠵᠢᠶᠠᠩ ᠤᠨ ᠣᠢᠢᠭᠤᠷ ᠤᠨ ᠦᠪᠡᠷᠳᠡᠬᠡᠨ ᠵᠠᠰᠠᠬᠤ ᠤᠷᠤᠨ ᠤ ᠺᠤᠷᠪᠠᠨ ᠤ ᠪᠠᠶᠠᠷ᠂ ᠭᠤᠸᠠᠩᠰᠢ ᠶᠢᠨ ᠵᠣᠸᠠᠩ ᠦᠨᠳᠦᠰᠦᠳᠡᠨ ᠤ ᠦᠪᠡᠷᠳᠡᠬᠡᠨ

ᠵᠠᠰᠠᠬᠤ ᠤᠷᠤᠨ ᠤ ᠵᠤᠸᠠᠩ ᠦᠨᠳᠦᠰᠦᠳᠠᠨ ᠤ ᠭᠤᠷᠪᠠᠨ ᠰᠠᠷ᠎ᠠ ᠶᠢᠨ ᠭᠤᠷᠪᠠᠨ ᠤ ᠪᠠᠶᠠᠷ᠂ ᠨᠢᠩᠰᠢᠶᠠ ᠶᠢᠨ ᠬᠤᠳᠣᠩ ᠦᠨᠳᠦᠰᠦᠳᠡᠨ ᠤ ᠦᠪᠡᠷᠳᠡᠬᠡᠨ ᠵᠠᠰᠠᠬᠤ

ᠤᠷᠤᠨ ᠤ ᠺᠤᠷᠪᠠᠨ ᠤ ᠪᠠᠶᠠᠷ᠂ ᠷᠠᠮᠠᠳᠠᠨ ᠤ ᠪᠠᠶᠠᠷ ᠵᠡᠷᠬᠡ ᠪᠠᠶᠠᠷ ᠲᠤᠷᠠᠰᠬᠠᠯ ᠤᠨ ᠡᠳᠦᠷ ᠲᠤ ᠪᠦᠷ ᠵᠣᠬᠢᠬᠤ ᠡᠳᠦᠷ ᠤᠨ ᠴᠢᠯᠦᠬᠡ ᠲᠠᠯᠪᠢᠳᠠᠭ᠂ ᠵᠦᠪᠬᠡᠨ ᠦᠪᠦᠷ

ᠮᠤᠩᠭᠤᠯ ᠤᠨ ᠦᠪᠡᠷᠳᠡᠬᠡᠨ ᠵᠠᠰᠠᠬᠤ ᠤᠷᠤᠨ ᠤᠳᠤᠬᠠᠨ ᠪᠣᠯᠳᠠᠯ᠎ᠠ ᠦᠨᠳᠦᠰᠦᠳᠠᠨ ᠤ ᠤᠯᠠᠮᠵᠢᠯᠠᠯᠳᠤ ᠪᠠᠶᠠᠷ ᠲᠤᠷᠠᠰᠬᠠᠯ ᠤᠨ ᠡᠳᠦᠷ ᠲᠤ ᠬᠠᠤᠯᠢ ᠳᠤ

ᠲᠤᠭᠳᠠᠭᠠᠭᠰᠠᠠ ᠠᠮᠠᠷᠠᠯᠳᠠ ᠶᠢᠨ ᠡᠳᠦᠷ ᠦᠬᠡᠢ ᠪᠠᠶᠢᠭᠰᠠᠭᠠᠷ᠃ ᠭᠠᠯ‌‍ᠲ᠋ᠠᠬᠢᠯᠭ᠎ᠠ ᠨᠢ ᠮᠤᠩᠭᠤᠯ ᠦᠨᠳᠦᠰᠦᠳᠠᠨ ᠤ ᠦᠶ᠎ᠠ ᠲᠠᠮᠵᠢᠨ ᠤᠯᠠᠮᠵᠢᠯᠠᠭᠰᠠᠭᠠᠷ ᠢᠷᠡᠭᠰᠡᠡ

ᠦᠪᠡᠳᠡᠭᠰᠢ ᠶᠡᠭᠡ ᠪᠠᠶᠠᠷ ᠲᠤᠷᠠᠰᠬᠠᠯ ᠤᠨ ᠡᠳᠦᠷ ᠪᠤᠯᠤᠭᠰᠠᠨ ᠤ ᠬᠤᠪᠢ ᠳᠤ ᠦᠪᠡᠷᠳᠡᠬᠡᠨ ᠵᠠᠰᠠᠬᠤ ᠤᠷᠤᠨ ᠤ ᠬᠠᠤᠯᠢ ᠳᠤ ᠲᠤᠭᠳᠠᠭᠠᠭᠰᠠᠠ‌ᠠᠮᠠᠷᠠᠯᠳᠠ ᠶᠢᠨ ᠡᠳᠦᠷ

ᠪᠤᠯᠭᠠᠪᠠᠯ ᠵᠤᠬᠢᠨ᠎ᠠ᠃ ᠲᠡᠬᠦᠨ ᠤ ᠳᠠᠨᠢᠯᠴᠠᠭᠤᠯᠣᠭᠰᠠᠨ ᠢᠶᠠᠷ᠂ ᠤᠳᠤᠭ ᠤᠨ ᠡᠮᠦᠨᠡᠳᠤ ᠬᠤᠰᠢᠭᠤ ᠦᠪ ᠰᠤᠶᠤᠯ ᠢᠶᠠᠨ ᠤᠯᠠᠮᠵᠢᠯᠠᠨ‌ᠵᠠᠯᠭᠠᠮᠵᠢᠯᠠᠵᠤ᠂ ᠬᠤᠳᠠ ᠳᠤ

ᠰᠠᠭᠤᠭ᠎ᠠ ᠬᠦᠮᠦᠨ ᠠᠷᠠᠳ ᠤᠨ ᠭᠠᠯ ᠲᠠᠬᠢᠬᠤ ᠳᠤ ᠲᠦᠬᠦᠮ ᠦᠵᠡᠬᠦᠯᠬᠦ ᠡᠬᠦᠳᠡᠨ ᠠᠴᠠ᠂ 2011 ᠤᠨ ᠳᠤ ᠬᠤᠰᠢᠭᠤᠨ ᠲᠦᠪ ᠤᠯᠵᠠᠴᠢ ᠪᠠᠯᠭᠠᠰᠤᠨ ᠳᠠᠭᠠᠨ

ᠭᠤᠯᠤᠮᠳᠠ ᠭᠠᠯ ᠰᠤᠶᠤᠯ‌‍ᠴᠡᠴᠡᠷᠯᠢᠭ ᠪᠠᠶᠢᠭᠤᠯᠵᠤ᠂ 2012 ᠤᠨ ᠳᠤ ᠲᠦᠷᠦᠭᠦᠦ ᠤᠳᠠᠭ᠎ᠠ ᠬᠠᠮᠳᠤ ᠶᠢᠨ ᠲᠠᠬᠢᠯᠭ᠎ᠠ ᠶᠢ ᠵᠤᠬᠢᠶᠠᠨ‌‍ᠪᠠᠶᠢᠭᠤᠯᠵᠤ ᠬᠢᠭᠰᠡᠡ ᠢᠶᠠᠨ ᠣᠳᠣ

ᠪᠣᠯᠳᠠᠯ᠎ᠠ ᠪᠠᠷᠢᠮᠳᠠᠯᠠᠭᠰᠠᠭᠠᠷ ᠪᠦᠬᠡᠳ 2017 ᠤᠨ ᠳᠤ ᠱᠠᠩᠬᠠᠢ ᠶᠢᠨ ᠬᠢᠨᠢᠰ ‍ᠤᠨ‌‍ᠲ᠋ᠡᠮᠳᠡᠭᠯᠡᠯ ᠳᠤ ᠪᠦᠷᠢᠳᠬᠡᠭᠳᠡᠭᠰᠡᠡ ᠬᠠᠮᠤᠭ ᠤᠨ ᠶᠡᠭᠡ ᠬᠡᠪᠴᠢᠶ᠎ᠠ ᠲᠠᠢ ᠠᠷᠠᠳ ᠤᠨ

ᠲᠤᠮᠳᠠᠬᠢ ᠭᠠᠯ ᠲᠠᠬᠢᠯᠭ᠎ᠠ ᠵᠢᠨ‌‍ᠶᠤᠰᠤᠯᠠᠯ ᠢ ᠬᠢᠭᠰᠡᠡ ᠪᠢᠯᠡ᠃

ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ