ᠬᠠᠨᠲᠠᠢ ᠬᠠᠩᠬ᠎ᠠ ᠶᠢᠨ ᠲᠤᠬᠠᠢ ᠲᠤᠪᠴᠢ ᠳᠠᠨᠢᠯᠴᠠᠭᠤᠯᠭ᠎ᠠ
ᠨᠡᠶᠢᠲᠡᠯᠡᠭᠰᠡᠨ ᠴᠠᠭ᠄
2018/11/14
       ᠮᠠᠨᠵᠦ ᠴᠢᠩ ᠤᠯᠤᠰ ᠤᠨ ᠦᠶ᠎ᠡ ᠳᠤ ᠳᠠᠯᠠᠳ ᠬᠤᠰᠢᠭᠤ ᠶᠢ ᠤᠷᠳᠤᠰ ᠤᠨ ᠵᠡᠭᠦᠨ ᠭᠠᠷ ᠤᠨ ᠬᠤᠰᠢᠭᠤ ᠭᠡᠳᠡᠭ  ᠃ ᠲᠡᠷᠡ ᠦᠶ᠎ᠡ ᠳᠤ ᠳᠠᠯᠠᠳ ᠬᠤᠰᠢᠭᠤ ᠣᠷᠳᠣᠰ ᠨᠤᠲᠤᠭ ᠲᠤ ᠪᠠᠨ ᠬᠦᠮᠦᠨ ᠠᠮᠠ ᠪᠠᠷ ᠬᠠᠮᠤᠭ ᠠᠷᠪᠢᠨ᠂  ᠨᠤᠲᠤᠭ ᠳᠡᠪᠢᠰᠭᠡᠷ ᠨᠢ ᠴᠤ ᠦᠷᠭᠡᠨ ᠠᠭᠤᠳᠠᠮ ᠲᠤᠯᠠ ︽ᠭᠤᠷᠪᠡᠨ ᠭᠦᠩ᠂ ᠵᠢᠷᠭᠤᠭᠠᠨ ᠵᠠᠰᠠᠭ ᠴᠤ ᠨᠢᠭᠡᠯᠬᠡᠨ ᠳᠠᠯᠠᠳ ᠳᠤ ᠬᠦᠷᠬᠦ ᠦᠭᠡᠢ︾  ᠭᠡᠰᠡᠨ ᠬᠡᠯᠡᠯᠭᠡ ᠲᠠᠢ ᠪᠠᠶᠢᠭᠰᠠᠨ᠃  ︵ᠭᠤᠷᠪᠠᠨ ᠭᠦᠩ ᠭᠡᠳᠡᠭ ᠨᠢ ᠤᠷᠢᠳ ᠤᠨ ᠡᠮᠦᠨᠡᠲᠦ᠂ ᠳᠤᠮᠳᠠᠳᠤ᠂ ᠬᠤᠶᠢᠲᠤ ᠭᠤᠷᠪᠠᠨ ᠬᠤᠰᠢᠭᠤ ᠪᠤᠯᠤᠨ᠎ᠠ᠃ ᠵᠢᠷᠭᠤᠭᠠᠨ‌ᠵᠠᠰᠠᠭ ᠭᠡᠳᠡᠭ ᠨᠢ ᠤᠷᠳᠤᠰ ᠤᠨ ᠵᠠᠰᠠᠭ ᠬᠤᠰᠢᠭᠤ ᠶᠢ ᠬᠡᠯᠡᠵᠦ ᠪᠤᠢ᠃︶ ᠤᠤᠯ ᠳᠤ ᠪᠠᠨ ᠳᠠᠯᠠᠳ ᠬᠤᠰᠢᠭᠤ ᠡᠮᠦᠨᠡᠭᠦᠷ ᠢᠶᠠᠨ ᠡᠵᠡᠨ ᠬᠤᠷᠤᠭ᠎ᠠ ᠬᠤᠰᠢᠭᠤ ᠲᠠᠢ ᠵᠠᠬ᠎ᠠ ᠨᠡᠶᠢᠯᠡᠵᠦ᠂ ᠵᠡᠭᠦᠨ ᠪᠠᠷᠠᠭᠤᠨ ᠲᠠᠯ᠎ᠠ ᠪᠠᠷ ᠵᠡᠭᠦᠨᠭᠠᠷ ᠬᠤᠰᠢᠭᠤ᠂ ᠬᠠᠩᠭᠢᠨ ᠬᠤᠰᠢᠭᠤ ᠲᠠᠢ ᠵᠡᠷᠭᠡᠯᠡᠳᠦᠵᠦ᠂ ᠬᠤᠶᠢᠰᠢ ᠪᠠᠨ ᠬᠠᠳᠤᠨ ᠭᠤᠤᠯ ᠢ ᠬᠡᠲᠤᠯᠡᠭᠡᠳ ᠡᠲᠦᠭᠡ ᠶᠢᠨ ᠪᠠᠶᠠᠨᠨᠠᠭᠤᠷ ᠬᠤᠲᠠ ᠶᠢᠨ ᠤᠷᠢᠳ‌‍ᠤᠨ ᠬᠤᠶᠢᠲᠤ ᠬᠤᠰᠢᠭᠤᠨ ᠤ ᠱᠠᠯᠳᠠᠪ ᠤᠨ ᠰᠦᠮ᠎ᠡ ᠬᠦᠷᠴᠦ᠂ ᠪᠦᠬᠦ ᠲᠠᠯᠠᠪᠡᠢ ᠨᠢ ᠬᠤᠶᠠᠷ ᠲᠦᠮᠡ ᠭᠠᠷᠤᠢ ᠳᠡᠭᠰᠢ ᠳᠦᠷᠪᠡᠯᠵᠢᠨ ᠺᠢᠯᠤᠮᠧᠲᠷ ᠪᠠᠶᠢᠵᠠᠢ᠃ ᠲᠡᠷᠡ ᠦᠶ᠎ᠡ ᠳᠤ ᠮᠤᠩᠭᠤᠯᠴᠤᠳ ᠬᠠᠳᠤᠨ ᠭᠤᠤᠯ ᠤᠨ ᠡᠮᠦᠨ᠎ᠡ ᠲᠠᠯ᠎ᠠ ᠳᠠᠬᠢ ᠳᠠᠯᠠᠳ ᠬᠤᠰᠢᠭᠤᠨ ᠤ ᠭᠠᠵᠠᠷ ᠢ ︽ᠬᠠᠨᠲᠠᠢ︾ ᠭᠡᠳᠡᠭ  ᠃ ᠳᠠᠯᠠᠳ ᠤᠨ ︽ᠬᠠᠨᠲᠠᠢ︾ᠭᠠᠵᠠᠷ ᠨᠢ ᠨᠠᠢᠮᠠᠨ ᠬᠠᠷᠢᠶ᠎ᠠ ᠂ ᠳᠦᠴᠢᠨ ᠰᠤᠮᠤ ᠬᠤᠪᠢᠶᠠᠵᠤ ᠪᠠᠶᠢᠪᠠ  ᠃ ᠡᠨᠡ ᠬᠦ ᠨᠠᠢᠮᠠᠨ ᠬᠠᠷᠢᠶ᠎ᠠ ᠨᠢ ᠵᠢᠷᠭᠤᠭᠠᠨ ᠰᠤᠮᠤᠨ ᠬᠠᠷᠢᠶ᠎ᠠ᠂ ᠳᠦᠷᠪᠡᠨ ᠰᠤᠮᠤᠨ ᠬᠠᠷᠢᠶ᠎ᠠ᠂ ᠬᠡᠷᠢᠶᠡᠳ ᠬᠠᠷᠢᠶ᠎ᠠ᠂ ᠮᠡᠷᠭᠡᠳ ᠬᠠᠷᠢᠶ᠎ᠠ᠂ ᠰᠡᠴᠡᠨ ᠬᠠᠷᠢᠶ᠎ᠠ᠂ ᠰᠢᠷ᠎ᠠ ᠶᠢᠨ ᠬᠠᠷᠢᠶ᠎ᠠ᠂ ᠪᠠᠭ᠎ᠠ ᠨᠠᠰᠤᠨ ᠬᠠᠷᠢᠶ᠎ᠠ᠂  ᠬᠦᠨᠲᠠᠢ ᠶᠢᠨ ᠬᠠᠷᠢᠶ᠎ᠠ ᠪᠤᠯᠤᠨ᠎ᠠ᠃ ᠴᠢᠯᠦᠭᠡᠯᠡᠭᠳᠡᠬᠦ ᠠᠴᠠ ᠡᠮᠦᠨᠡᠬᠢ ᠨᠢᠭᠡᠳᠦᠭᠡᠷ ᠬᠠᠷᠢᠶᠠᠨ ᠤ ᠬᠠᠷᠢᠶᠠᠨ ᠵᠡᠯᠡᠨ ᠨᠢ᠄ ᠪᠠᠶᠠᠨᠴᠠᠭᠠᠨ︔ ᠬᠤᠶᠠᠳᠤᠭᠠᠷ ᠬᠠᠷᠢᠶᠠᠨ ᠤ ᠬᠠᠷᠢᠶᠠᠨ ᠵᠡᠯᠡᠨ ᠨᠢ᠄ ᠴᠢ ᠱᠢ ᠮᠢᠩ︔ ᠭᠤᠷᠪᠡᠳᠤᠭᠠᠷ ᠬᠠᠷᠢᠶᠠᠨ ᠤ ᠬᠠᠷᠢᠶᠠᠨ ᠵᠡᠯᠡᠨ ᠨᠢ᠄ ᠱᠠᠵᠢᠩᠭᠡᠷᠡᠯ︔ᠳᠦᠷᠪᠡᠳᠦᠭᠡᠷ ᠬᠠᠷᠢᠶᠠᠨ ᠤ ᠬᠠᠷᠢᠶᠠᠨ ᠵᠡᠯᠡᠨ ᠨᠢ᠄ ᠴᠢᠩ ᠱᠤ᠋ ᠶᠢᠨ︔ᠲᠠᠪᠤᠳᠤᠭᠠᠷ ᠬᠠᠷᠢᠶᠠᠨ ᠤ ᠬᠠᠷᠢᠶᠠᠨ ᠵᠡᠯᠡᠨ ᠨᠢ᠄   ᠨᠠᠰᠤᠨᠨ᠋ᠦ᠋ᠯᠵᠢ︔ ᠵᠢᠷᠭᠤᠳᠤᠭᠠᠷ ᠬᠠᠷᠢᠶᠠᠨ ᠤ ᠬᠠᠷᠢᠶᠠᠨ ᠵᠡᠯᠡᠨ ᠨᠢ᠄ ᠨᠠᠶᠠᠨᠲᠠᠢ︔ᠳᠤᠯᠤᠳᠤᠭᠠᠷ ᠬᠠᠷᠢᠶᠠᠨ ᠤ ᠬᠠᠷᠢᠶᠠᠨ ᠵᠡᠯᠡᠨ ᠨᠢ᠄ ᠮᠤᠤ ᠪᠠᠲᠤ︔ᠨᠠᠢᠮᠠᠳᠤᠭᠠᠷ ᠬᠠᠷᠢᠶᠠᠨ ᠤ ᠬᠠᠷᠢᠶᠠᠨ ᠵᠡᠯᠡᠨ ᠨᠢ  ᠄ ᠴᠢᠩ ᠢᠦᠢ ᠰᠢᠶᠠᠩ ᠵᠡᠷᠭᠡ ᠪᠤᠯᠤᠨ᠎ᠠ᠃              ᠬᠠᠳᠤᠨ ᠭᠤᠤᠯ ᠤᠨ ᠬᠤᠶᠢᠨ᠎ᠠ ᠲᠠᠯ᠎ᠠ ᠳᠠᠬᠢ ᠦᠷᠭᠡᠨ ᠠᠭᠤᠳᠠᠮ ᠲᠠᠯ᠎ᠠ ᠭᠠᠵᠠᠷ ᠢ ︽ᠬᠠᠩᠬ᠎ᠠ︾ ᠭᠡᠳᠡᠭ ︵ᠳᠤᠳᠤᠷᠬᠠᠶᠢᠯᠠᠬᠤ ᠨᠢ᠄ ᠠᠳᠡ ᠬᠡᠯᠡᠵᠤ ᠪᠠᠶᠢᠭ᠎ᠠ ︽ᠬᠠᠩᠬ᠎ᠠ︾ ᠭᠡᠳᠡᠭ ᠨᠢ ᠵᠦᠪᠬᠡᠨ‌‍ᠲ᠋ᠡᠷᠡ‌ᠦᠶᠡᠰ ᠳᠠᠯᠠᠳ ᠬᠤᠰᠢᠭᠤᠨ ᠳᠤ ᠯᠡ ᠬᠠᠷᠢᠶᠠᠯᠠᠭᠳᠠᠬᠤ ᠪᠦᠬᠦᠶᠢᠯᠡ ᠬᠠᠩᠬ᠎ᠠ ᠶᠢᠨ ᠵᠡᠬᠦᠨ ᠭᠡᠰᠡᠭ ᠢ  ᠵᠢᠭᠠᠵᠤ ᠪᠤᠢ︶᠃ ᠳᠠᠯᠠᠳ ᠲᠤ ᠬᠠᠷᠢᠶᠠᠯᠠᠭᠳᠠᠬᠤ ︽ᠬᠠᠩᠬ᠎ᠠ︾ ᠭᠠᠵᠠᠷ ᠤᠨ ᠡᠮᠦᠨ᠎ᠡ ᠵᠠᠬ᠎ᠠ ᠨᠢ ᠬᠠᠳᠤᠨ ᠭᠤᠤᠯ ᠲᠠᠢ ᠵᠠᠯᠭᠠᠯᠳᠤᠵᠤ᠂ ᠬᠤᠶᠢᠰᠢ  ᠪᠠᠨ ᠤᠷᠠᠳ ᠤᠨ ᠳᠤᠮᠳᠠᠳᠤ ᠪᠠ ᠬᠤᠶᠢᠳᠤ ᠬᠤᠰᠢᠭᠤᠨ ᠤ ᠬᠢᠯᠢ ᠬᠦᠷᠴᠦ᠂ ᠵᠡᠭᠦᠨ ᠲᠠᠯ᠎ᠠ ᠪᠠᠷ ᠨᠢ  ᠤᠷᠠᠳ ᠤᠨ ᠡᠮᠦᠨᠡᠳᠤ ᠬᠤᠰᠢᠭᠤ ᠲᠠᠢ ᠵᠠᠬ᠎ᠠ ᠨᠡᠶᠢᠯᠡᠵᠤ᠂ ᠪᠠᠷᠠᠭᠤᠨᠰᠢ ᠪᠠᠨ ᠬᠠᠩᠭᠢᠨ ᠬᠤᠶᠢᠳᠤ  ᠬᠤᠰᠢᠭᠤᠨ ᠤ  ᠶᠠᠩ ᠮᠢᠶᠤᠤ ︵ᠨᠠᠷᠠᠨ ᠡᠭᠦᠷ︶ ᠬᠦᠷᠲᠡᠯ᠎ᠡ ᠪᠠᠶᠢᠵᠠᠢ᠃ ᠦᠷᠭᠡᠨ ᠪᠠᠷ ᠨᠢ ᠡᠮᠦᠨ᠎ᠡ ᠠᠴᠠ ᠬᠤᠶᠢᠰᠢ ᠪᠠᠨ47 ᠺᠢᠯᠤᠮᠧᠲᠷ᠂ ᠤᠷᠲᠤ  ᠪᠠᠷ ᠢᠶᠠᠨ ᠵᠡᠭᠦᠨ ᠠᠴᠠ ᠪᠠᠷᠠᠭᠤᠨᠰᠢ ᠪᠠᠨ140 ᠺᠢᠯᠤᠮᠧᠲᠷ ᠠᠭᠤᠳᠠᠮ ᠶᠡᠭᠡ ᠭᠠᠵᠠᠷ ᠪᠠᠶᠢᠵᠠᠢ᠃       ᠲᠡᠷᠡ ᠦᠶ᠎ᠡ ᠳᠤ ᠳᠠᠯᠠᠳ ᠤᠨ ︽ᠬᠠᠩᠬ᠎ᠠ︾ ᠭᠠᠵᠠᠷ ᠢ ᠵᠡᠭᠦᠨ᠂ ᠪᠠᠷᠠᠭᠤᠨ᠂ ᠳᠤᠮᠳᠠᠳᠤ ᠭᠤᠷᠪᠠᠨ ︽ᠵᠠᠭᠤᠨ︾ ᠬᠤᠪᠢᠶᠠᠵᠤ ᠪᠠᠶᠢᠪᠠ᠃ ᠵᠡᠭᠦᠨ ︽ᠵᠠᠭᠤᠨ ︾ ᠤ ᠳᠠᠷᠤᠭ᠎ᠠ ᠨᠢ ᠳᠤᠯᠤᠨᠵᠢᠩ᠂ ᠮᠦᠨ ᠴᠤ ︽ᠬᠠᠩᠬ᠎ᠠ︾ ᠳᠤ ᠰᠠᠭᠤᠭ᠎ᠠ ᠳᠠᠯᠠᠳ ᠬᠤᠰᠢᠭᠤᠨ ᠤ ᠠᠮᠤᠷ ᠢ ᠬᠠᠮᠠᠭᠠᠯᠠᠬᠤ ᠭᠤᠷᠪᠠᠳᠤᠭᠠᠷ ᠲᠤᠸᠡᠨ ᠤ  ᠶᠢᠰᠦᠳᠦᠭᠡᠷ ᠯᠢᠶᠡᠨ ᠤ ᠯᠢᠶᠠᠨᠵᠠᠩ ᠪᠤᠯᠤᠨ᠎ᠠ᠃ ︽ᠵᠠᠭᠤᠨ︾ ᠪᠤᠯᠤᠨ ᠴᠡᠷᠢᠭ ᠤᠨ ᠰᠠᠭᠤᠭ᠎ᠠ ᠠᠯᠪᠡᠨ ᠭᠡᠷ ᠨᠢ ᠱᠠᠯᠳᠠᠪ ᠤᠨ ᠰᠦᠮ᠎ᠡ ᠳᠤ ᠪᠠᠶᠢᠪᠠ᠃         ︽ᠬᠠᠩᠬ᠎ᠠ︾ ᠭᠠᠵᠠᠷ ᠲᠤ ᠳᠠᠯᠠᠳ ᠬᠤᠰᠢᠭᠤᠨ ᠤ ᠨᠠᠢᠮᠠᠨ ᠬᠠᠷᠢᠶ᠎ᠠ ᠶᠢᠨ ᠠᠷᠠᠳ ᠪᠦᠷ ᠪᠠᠶᠢᠳᠠᠭ᠃ ︽ᠬᠠᠩᠬ᠎ᠠ︾ ᠭᠠᠵᠠᠷ ᠲᠤ  ᠪᠠᠰᠠ ᠶᠡᠭᠡ ᠪᠠᠭ᠎ᠠ ᠬᠤᠶᠠᠷ ᠰᠤᠮᠤ ᠭᠡᠭᠴᠢ ᠪᠠᠶᠢᠵᠦ᠂ ᠰᠤᠮᠤᠨ ᠲᠠᠶᠢᠵᠢ ᠰᠢᠭᠤᠳ ᠬᠠᠮᠢᠶᠠᠷᠤᠳᠠᠭ᠃ ᠭᠡᠳᠡᠯ᠎ᠡ ᠳᠡᠳᠡᠨ ᠳᠤ ᠳᠤᠭᠲᠠᠭᠰᠠᠨ ᠭᠠᠵᠠᠷ ᠨᠤᠲᠤᠭ ᠬᠤᠪᠢᠶᠠᠵᠤ ᠦᠭᠭᠦᠭᠰᠡᠨ ᠦᠭᠡᠢ᠃ ᠬᠠᠷᠢᠨ ︽ᠵᠠᠭᠤᠨ︾ ᠤ ᠭᠠᠵᠠᠷ ᠨᠤᠲᠤᠭ ᠲᠤ ᠵᠦᠷᠢᠯᠳᠦᠨ ᠰᠠᠭᠤᠷᠢᠰᠢᠵᠦ᠂ ᠰᠤᠮᠤᠨ ᠤ ᠬᠦᠮᠦᠰ ᠨᠢ ᠬᠠᠮᠢᠭ᠎ᠠ ᠰᠠᠭᠤᠵᠤ ᠪᠠᠶᠢᠪᠠᠯ ᠳᠠᠷᠤᠢ ᠲᠡᠭᠦᠨ ᠤ ᠭᠠᠵᠠᠷ ᠤᠷᠤᠨ ᠭᠡᠵᠦ  ᠨᠡᠷᠡᠯᠡᠨ᠎ᠡ᠃ ᠶᠡᠭᠡ ᠰᠤᠮᠤᠨ ᠤ ᠰᠤᠮᠤᠨ ᠲᠠᠶᠢᠵᠢ ᠶᠢ ᠡᠷᠳᠡᠨᠢ ᠭᠡᠳᠡᠭ᠃ ᠶᠡᠭᠡ ᠪᠠᠶᠢᠰᠢᠩ ᠬᠦᠷᠢᠶ᠎ᠡ   ᠲᠠᠢ᠂  ᠭᠡᠷ  ᠤᠨ  ᠪᠤᠭᠤᠯ ᠲᠠᠢ  ᠪᠠᠶᠠᠨ ᠴᠢᠨᠡᠭᠡᠯᠢᠭ ᠪᠦᠭᠡᠳ ᠡᠷᠬᠡ ᠰᠦᠷ  ᠲᠠᠢ ᠬᠦᠮᠦᠨ ᠪᠠᠶᠢᠵᠠᠢ᠃ ᠲᠡᠷᠡ ᠠᠮᠢᠨ ᠬᠡᠷᠡᠭ ᠤᠨ ᠶᠠᠯ᠎ᠠ ᠲᠠᠢ ᠤᠴᠢᠷ ᠠᠴᠠ ᠴᠢᠯᠦᠭᠡᠯᠡᠭᠲᠡᠬᠦ ᠦᠶ᠎ᠡ ᠳᠤ ᠳᠠᠷᠤᠩᠭᠤᠶᠢᠯᠠᠭᠲᠠᠪᠠ᠃ ᠪᠠᠭ᠎ᠠ ᠰᠤᠮᠤᠨ ᠤ  ᠰᠤᠮᠤᠨ ᠲᠠᠶᠢᠵᠢ ᠶᠢ ᠴᠢ᠊ ᠲᠠᠷᠢᠪᠠᠯ ᠭᠡᠳᠡᠭ᠃ ᠪᠠᠰᠠ ᠶᠡᠭᠡ  ᠪᠠᠶᠢᠰᠢᠩ  ᠬᠦᠷᠢᠶ᠎ᠡ ᠲᠠᠢ᠂ ᠭᠡᠷ ᠤᠨ ᠪᠤᠭᠤᠯ ᠲᠠᠢ᠂ ᠪᠠᠶᠠᠨ ᠴᠢᠨᠡᠭᠡᠯᠢᠭ ᠡᠷᠬᠡ ᠰᠦᠷ ᠲᠠᠢ ᠬᠦᠮᠦᠨ ᠪᠠᠶᠢᠯ᠎ᠠ᠃       ᠡᠭᠦᠨ ᠠᠴᠠ ᠭᠠᠳᠠᠨ᠎ᠠ᠂ ᠳᠠᠯᠠᠳ ᠬᠤᠰᠢᠭᠤᠨ ᠤ ︽ᠬᠠᠩᠬ᠎ᠠ︾ ᠨᠤᠲᠤᠭ ᠲᠤ ᠪᠠᠰᠠ ᠬᠤᠶᠠᠷ ︽ᠨᠤᠶᠠᠨ ᠰᠠᠩ︾ ᠭᠡᠵᠦ ᠪᠠᠶᠢᠳᠠᠭ᠃ ᠪᠠᠷᠠᠭᠤᠨ ︽ᠱᠠᠩ︾ ᠨᠢ ᠳᠠᠷᠤᠢ ᠰᠦᠮᠪᠡᠷᠪᠠᠲᠤ ᠸᠠᠩ ᠤᠨ ᠠᠴᠢ ᠬᠦᠪᠡᠭᠦᠨ ᠺᠠᠨᠳᠠᠳᠤᠷᠵᠢ ᠸᠠᠩ ᠤᠨ ᠦᠶ᠎ᠡ ᠳᠡᠭᠦᠦ ᠨᠤᠷᠪᠠᠪᠠᠳᠤ ᠶᠢᠨ ᠨᠠᠰᠤᠲᠠᠨ ᠯᠦᠸᠧ ᠶᠤᠸᠢ ᠫᠧᠩ ᠳᠤ ᠬᠤᠪᠢᠶᠠᠵᠤ ᠦᠭᠭᠦᠭᠰᠡᠨ ᠭᠡᠷ ᠪᠠᠶᠢᠰᠢᠩ ᠭᠠᠵᠠᠷ ᠤᠷᠤᠨ ᠪᠤᠯᠤᠨ᠎ᠠ᠃ᠨᠡᠨ ᠨᠢ ᠡᠳᠦᠭᠡ ᠶᠢᠨ ᠪᠠᠶᠠᠨᠨᠠᠭᠤᠷ ᠬᠤᠲᠠ ᠵᠢᠨ‌ᠡᠤ ᠶᠤᠸᠠᠨ ᠰᠢᠶᠠᠨ ᠤ ᠦᠨᠳᠦᠰᠦᠲᠡᠨ ᠤ ᠰᠢᠶᠠᠩ ︵民族乡︶ ᠤᠨ ᠰᠢᠨ ᠹᠧᠩ  ᠳᠤᠰᠬᠤᠨ ᠳᠤ ᠪᠤᠢ  ᠃ ᠤᠭ ᠤᠨ ᠭᠠᠵᠠᠷ ᠤᠨ ᠨᠡᠷ᠎ᠡ ᠶᠢ ᠴᠠᠭᠠᠨ ᠨᠠᠭᠤᠷ ᠭᠡᠳᠡᠭ᠃  ᠳᠡᠭᠦᠨ ᠳᠤ ᠬᠤᠪᠢᠶᠠᠵᠤ ᠦᠭᠭᠦᠭᠰᠡᠨ ᠭᠠᠵᠠᠷ ᠨᠤᠲᠤᠭ ᠨᠢ ︽ᠬᠠᠩᠬ᠎ᠠ︾ ᠶᠢᠨ ᠪᠠᠷᠠᠭᠤᠨ ᠭᠡᠰᠡᠭ ᠲᠤ ᠪᠠᠶᠢᠬᠤ ᠤᠴᠢᠷ ᠠᠴᠠ ᠪᠠᠷᠠᠭᠤᠨ ᠱᠠᠩ  ᠭᠡᠳᠡᠭ᠃1940 ᠤᠨ ᠤ ᠦᠶ᠎ᠡ  ᠪᠠᠷ ᠭᠠᠳᠠᠷ ᠭᠠᠵᠠᠷ ᠠᠴᠠ ᠢᠷᠡᠭᠰᠡᠨ ᠸᠠᠩ ᠵᠤᠤ ᠾᠧ ᠭᠡᠳᠡᠭ ᠬᠦᠮᠦᠨ ᠭᠠᠵᠠᠷ  ᠰᠢᠷᠦᠢ ᠶᠢ ᠨᠢ ᠬᠦᠯᠦᠰᠦᠯᠡᠨ ᠲᠠᠷᠢᠭᠰᠠᠨ ᠠᠴᠠ ᠨᠠᠰᠤᠲᠠᠨ ᠷᠠᠰᠠᠩ ᠰᠦᠮ᠎ᠡ ᠳᠤ ᠨᠡᠭᠦᠨ ᠰᠠᠭᠤᠪᠠ᠃       ᠳᠠᠯᠠᠳ ᠤᠨ ︽ᠬᠠᠩᠬ᠎ᠠ︾  ᠭᠠᠵᠠᠷ ᠲᠤ ᠪᠠᠰᠠ ᠭᠤᠷᠪᠠᠨ ᠮᠠᠶᠢᠷᠠᠨ ᠤ ᠭᠠᠵᠠᠷ ᠪᠠᠶᠢᠳᠠᠭ᠃ ᠲᠦᠨᠵᠢᠩ ᠮᠠᠶᠢᠷᠠᠨ ᠤ ᠭᠠᠵᠠᠷ  ᠄ ᠡᠳᠦᠭᠡ ᠶᠢᠨ ᠪᠠᠶᠠᠨᠨᠠᠭᠤᠷ ᠬᠤᠲᠠ ᠶᠢᠨ ᠲᠦᠨᠵᠢᠩ ᠭᠧ ᠯᠢᠶᠠᠩ ︵同金圪梁︶ᠭᠡᠳᠡᠭ ᠭᠠᠵᠠᠷ ᠲᠤ  ᠪᠠᠶᠢᠵᠠᠢ᠃ ᠮᠡᠩᠭᠡ ᠮᠠᠶᠢᠷᠠᠨ ᠤ ᠭᠠᠵᠠᠷ᠄ ᠡᠲᠦᠭᠡ ᠶᠢᠨ ᠪᠠᠶᠠᠨᠨᠠᠭᠤᠷ ᠬᠤᠲᠠ ᠵᠢᠨ‌ᠡᠤ ᠶᠤᠸᠠᠨ ᠰᠢᠶᠠᠨ ᠤ ᠱᠠᠪᠬᠠᠲᠤ ᠳᠤ ᠪᠠᠶᠢᠵᠠᠢ᠃ ᠮᠤᠤ ᠪᠠᠲᠤ ᠮᠠᠶᠢᠷᠠᠨ ᠤ ᠭᠠᠵᠠᠷ᠄  ᠡᠲᠦᠭᠡ ᠶᠢᠨ ᠪᠠᠶᠠᠨᠨᠠᠭᠤᠷ ᠬᠤᠲᠠ ᠶᠢᠨ  ᠶᠤᠸᠡᠨ ᠰᠢᠶᠠᠨ ᠤ ᠰᠢᠳᠤᠷᠭᠤ ᠶᠢᠨ  ᠬᠤᠳᠲᠤᠭ ︵水泉子︶ ᠭᠡᠳᠡᠭ ᠭᠠᠵᠠᠷ ᠲᠤ ᠪᠠᠶᠢᠵᠠᠢ᠃ ᠡᠳᠡᠭᠡᠷ ᠮᠠᠶᠢᠷᠠᠨ ᠴᠦᠮ ᠶᠡᠭᠡ ᠭᠡᠷ ᠤᠷᠳᠤᠨ ᠲᠠᠢ ᠪᠦᠭᠡᠳ ᠵᠤᠬᠢᠬᠤ ᠬᠡᠮᠵᠢᠶᠡᠨ ᠤ ᠭᠠᠵᠠᠷ  ᠰᠢᠷᠤᠢ ᠲᠠᠢ ᠪᠠᠶᠢᠳᠠᠭ᠃       ᠳᠡᠭᠡᠷᠡᠬᠢ ᠪᠠᠶᠢᠳᠠᠯ ᠠᠴᠠ ᠦᠵᠡᠪᠡᠯ ᠤᠤᠯ ᠤᠨ ᠳᠠᠯᠠᠳ ᠬᠤᠰᠢᠭᠤᠨ ᠤ ︽ᠬᠠᠩᠬ᠎ᠠ︾ ᠶᠢᠨ ᠰᠠᠭᠤᠷᠢᠰᠢᠯ ᠤᠨ ᠵᠠᠰᠠᠭ ᠵᠠᠬᠢᠷᠭᠠᠨ ᠤ ᠬᠢᠯᠢ ᠬᠢᠵᠠᠭᠠᠷ ᠨᠢ ᠶᠡᠭᠡ ᠪᠤᠳᠤᠯᠢᠶᠠᠨ ᠲᠠᠢ᠂ ᠬᠠᠮᠢᠶᠠᠷᠤᠯᠲᠠ ᠨᠢ ᠡᠮᠬᠢ  ᠵᠠᠮᠬᠠᠷᠠᠭ᠎ᠠ ᠦᠭᠡᠢ᠃ ᠢᠯᠠᠩᠭᠤᠶ᠎ᠠ ᠰᠦᠮᠪᠡᠷᠪᠡᠲᠤ ᠸᠠᠩ ᠠᠴᠠ ᠺᠠᠨᠳᠠᠳᠤᠷᠵᠢ ᠸᠠᠩ ᠬᠦᠷᠲᠡᠯᠡᠬᠢ ᠦᠶ᠎ᠡ ᠳᠤ ᠤᠤᠯ ᠤᠨ ᠳᠠᠯᠠᠳ ᠬᠤᠰᠢᠭᠤᠨ ᠤ ︽ᠬᠠᠩᠬ᠎ᠠ︾  ᠶᠢᠨ ᠭᠠᠵᠠᠷ ᠢ ᠳᠤᠷ᠎ᠠ ᠪᠠᠷ ᠲᠠᠯᠪᠢᠵᠤ᠂ ᠶᠡᠬᠡᠩᠬᠢ ᠭᠠᠵᠠᠷ ᠰᠢᠷᠤᠢ ᠢ ᠬᠤᠳᠠᠯᠳᠤᠨ ᠬᠠᠭᠠᠯᠪᠤᠷᠢᠯᠠᠭᠰᠠᠨ ᠠᠴᠠ ᠳᠠᠯᠠᠳ ᠬᠤᠰᠢᠭᠤᠨ ᠤ ︽ᠬᠠᠩᠬ᠎ᠠ︾ ᠳᠠᠬᠢ ᠮᠤᠩᠭᠤᠯ‌ᠮᠠᠯᠴᠢᠨ ᠲᠦᠮᠡᠨ ᠮᠠᠯᠵᠢᠯ ᠤᠨ ᠲᠠᠯᠠᠪᠠᠢ ᠪᠠᠨ ᠠᠯᠳᠠᠵᠤ ᠠᠮᠢᠳᠤᠷᠠᠬᠤ ᠶᠢᠨ  ᠠᠷᠭ᠎ᠠ ᠦᠭᠡᠢ ᠰᠠᠷᠨᠢᠨ ᠨᠡᠭᠦᠵᠦ ᠶᠠᠪᠤᠭᠰᠠᠨ ᠪᠠᠶᠢᠨ᠎ᠠ᠃       ᠲᠡᠷᠡ ᠦᠶ᠎ᠡ ᠳᠤ ᠡᠤ ᠶᠤᠸᠠᠨ ᠤ ᠭᠠᠵᠠᠷ ᠤᠨ ᠡᠵᠡᠳ ᠪᠠ ᠳᠤᠳᠤᠷ᠎ᠠ ᠭᠠᠵᠠᠷ ᠠᠴᠠ ᠢᠷᠡᠭᠰᠡᠨ ᠭᠠᠵᠠᠷ ᠤᠨ ᠡᠵᠡᠳ ᠵᠠᠯᠢᠬᠠᠢ ᠬᠤᠳᠠᠯᠳᠤᠭᠠᠴᠢᠨ ᠶᠡᠭᠡ ᠬᠡᠮᠵᠢᠶ᠎ᠡ ᠪᠠᠷ ᠭᠠᠵᠠᠷ ᠰᠢᠷᠤᠢ ᠬᠤᠳᠠᠯᠳᠤᠨ ᠠᠪᠴᠤ ᠬᠠᠭᠠᠯᠪᠤᠷᠢᠯᠠᠨ ᠲᠠᠷᠢᠭᠠᠳ ᠬᠡᠳᠦᠬᠡᠨ ᠵᠢᠯ ᠤᠨ ᠳᠤᠳᠤᠷ᠎ᠠ ᠶᠡᠭᠡ ᠪᠠᠷ ᠪᠠᠶᠠᠵᠢᠵᠦ ᠳᠡᠭᠦᠨᠴᠢᠯᠡᠨ‌ᠭᠤᠮᠢᠨᠳᠠᠩ ᠤᠨ ᠴᠡᠷᠢᠭ ᠤᠨ ᠡᠷᠬᠡᠲᠡᠨ  ᠲᠠᠢ ᠬᠤᠯᠪᠤᠭᠠᠯᠠᠭᠰᠠᠨ ᠠᠴᠠ ᠳᠠᠯᠠᠳ ᠬᠤᠰᠢᠭᠤᠨ ᠤ ᠵᠠᠰᠠᠭ ᠸᠠᠩ ᠤᠨ ᠨᠤᠶᠠᠷᠬᠠᠯ ᠬᠦᠴᠦᠨ ᠦᠭᠡᠢ  ᠪᠤᠯᠵᠦ ᠬᠠᠮᠢᠶᠠᠷᠤᠯᠲᠠ ᠶᠢᠨ ᠲᠠᠯ᠎ᠠ ᠪᠠᠷ ᠶᠡᠭᠡ ᠪᠠᠷ ᠰᠤᠯᠠᠷᠠᠵᠦ ︽ᠬᠠᠩᠬ᠎ᠠ︾ ᠨᠤᠲᠤᠭ ᠢᠶᠠᠨ ᠵᠠᠬᠢᠷᠣᠨ ᠬᠠᠮᠢᠶᠠᠷᠴᠦ  ᠳᠠᠶᠢᠯᠠᠬᠤ ᠦᠭᠡᠢ ᠶᠢᠨ ᠬᠡᠮᠵᠢᠶᠡᠨ ᠳᠤ ᠬᠦᠷᠴᠡᠢ᠃       1945ᠳ᠋ᠤᠭᠠᠷ ᠤᠨ ᠳᠤ ᠶᠠᠫᠤᠨ ᠡᠵᠡᠷᠬᠡᠭ ᠲᠦᠷᠢᠮᠡᠬᠡᠶᠢᠲᠡᠨ ᠪᠠᠭᠤᠵᠦ ᠦᠭᠭᠦᠭᠰᠡᠨ ᠤ ᠳᠠᠷᠠᠭ᠎ᠠ ᠳᠠᠯᠠᠳ ᠬᠤᠰᠢᠭᠤᠨ ᠤ ᠵᠠᠰᠠᠭ ᠨᠤᠶᠠᠨ ︽ᠬᠠᠩᠬ᠎ᠠ︾ ᠨᠤᠲᠤᠭ ᠳᠠᠬᠢ ᠨᠤᠶᠠᠷᠬᠠᠯ ᠢᠶᠠᠨ ᠴᠢᠩᠭᠠᠳᠬᠤᠬᠠᠦ ᠶᠢᠨ ᠲᠦᠯᠦᠭᠡ ︽ᠬᠠᠩᠬ᠎ᠠ︾ ᠭᠠᠵᠠᠷ ᠳᠤ ︽ ᠬᠡᠷᠡᠭ ᠡᠷᠬᠢᠯᠡᠬᠦ ᠭᠠᠵᠠᠷ︾  ᠪᠠᠶᠢᠭᠤᠯᠵᠦ ᠡᠷᠳᠡᠮ ᠮᠡᠳᠡᠯᠭᠡ ᠲᠠᠢ ᠤᠶᠤᠨ ᠤᠬᠠᠭᠠᠨ ᠲᠡᠭᠦᠯᠳᠡᠷ ᠨᠠᠰᠤᠨᠳᠡᠯᠭᠡᠷ ᠢ ᠲᠤᠮᠢᠯᠠᠵᠤ ︽ᠬᠠᠩᠬ᠎ᠠ ᠶᠢᠨ ᠬᠡᠷᠡᠭ ᠡᠷᠬᠢᠯᠡᠬᠦ ᠭᠠᠵᠠᠷ︾ ᠢ  ᠡᠷᠬᠢᠯᠡᠭᠦᠯᠪᠡ᠃ᠨᠠᠰᠤᠨᠳᠡᠯᠭᠡᠷ ᠤᠬᠤᠷᠬᠠᠨ ᠭᠤᠷᠪᠠᠨ ᠵᠢᠯ ᠤᠨ ᠬᠤᠭᠤᠴᠠᠭᠠᠨ ᠳᠤ ᠭᠠᠵᠠᠷ ᠤᠨ ᠡᠵᠡᠳ ᠵᠠᠯᠢᠬᠠᠢ ᠬᠤᠳᠠᠯᠳᠤᠭᠠᠴᠢᠨ ᠠᠴᠠ ᠶᠡᠭᠡ ᠬᠡᠮᠵᠢᠶᠡᠨ ᠤ ᠠᠮᠤ ᠪᠤᠳᠠᠭ᠎ᠠ ︵ᠳᠦᠷᠢᠶᠡᠰᠦᠯᠡᠯ ᠤᠨ ᠮᠦᠩᠭᠦ︶ ᠬᠤᠷᠢᠶᠠᠨ ᠠᠪᠤᠭᠰᠠᠨ ᠠᠴᠠ ᠠᠵᠢᠯᠳᠠᠨ ᠤ ᠴᠠᠯᠢᠩ ᠤᠨ ᠠᠰᠠᠭᠤᠳᠠᠯ ᠢ ᠰᠢᠢᠳᠪᠦᠷᠢᠯᠡᠭᠰᠡᠨ ᠪᠠᠷ ᠦᠯᠦ ᠪᠠᠷᠠᠨ ᠠᠯᠪᠠᠨ ᠭᠠᠵᠠᠷ ᠢᠶᠠᠨ ᠵᠠᠰᠠᠨ ᠪᠠᠷᠢᠵᠦ᠂ ᠠᠯᠪᠠ ᠬᠢᠬᠦ ᠨᠦᠭᠦᠴᠡᠯ ᠢᠶᠠᠨ ᠴᠤ ᠰᠠᠶᠢᠵᠢᠷᠠᠭᠤᠯᠪᠠ᠃ ᠢᠯᠠᠩᠭᠤᠶ᠎ᠠ1947 ᠤᠨ ᠠᠴᠠ1949 ᠤᠨ ᠬᠦᠷᠳᠡᠯ᠎ᠡ ᠪᠠᠷᠠᠭᠤᠨ ︽ ᠵᠠᠭᠤᠨ︾ ᠤ ᠱᠠᠯᠳᠠᠪ ᠤᠨ ᠰᠦᠮ᠎ᠡ᠂ ᠵᠡᠭᠦᠨ ︽ᠵᠠᠭᠤᠨ︾ ᠤ ᠳ᠋ᠦᠩ ᠬᠠᠢ ᠱᠧᠩ ︵东海生︶᠂ ᠳᠤᠮᠲᠠ ᠵᠠᠭᠤᠨ ᠤ ᠲᠦᠨᠵᠢᠩ ᠭᠧ ᠯᠢᠶᠠᠩ ︵同金圪梁︶ᠵᠡᠷᠭᠡ ᠭᠠᠵᠠᠷ ᠳᠤ ᠭᠤᠷᠪᠠᠨ ᠰᠤᠷᠭᠠᠭᠤᠯᠢ ᠪᠠᠶᠢᠭᠤᠯᠵᠤ ᠰᠤᠷᠭᠠᠭᠤᠯᠢ ᠶᠢᠨ ᠠᠯᠢᠪᠠ ᠵᠠᠷᠤᠳᠠᠯ᠂ ᠪᠠᠭᠰᠢ ᠶᠢᠨ ᠴᠠᠯᠢᠩ᠂ ᠰᠤᠷᠤᠭᠴᠢ ᠶᠢᠨ ᠢᠳᠡᠰᠢ ᠤᠤᠭᠤᠰᠢ᠂ ᠰᠠᠭᠤᠬᠤ ᠵᠠᠷᠤᠳᠠᠯ᠂ ᠵᠢᠴᠢ  ᠪᠤᠰᠤᠳ ᠰᠤᠷᠤᠯᠭ᠎ᠠ ᠶᠢᠨ ᠰᠦᠢᠳᠭᠡᠯ ᠢ ᠪᠦᠷ ︽ᠬᠡᠷᠡᠭ ᠡᠷᠬᠢᠯᠡᠬᠦ ᠭᠠᠵᠠᠷ︾ ᠠᠴᠠ  ᠰᠢᠢᠳᠪᠦᠷᠢᠯᠡᠵᠦ ᠦᠭᠬᠦ ᠪᠠᠷ  ᠪᠤᠯᠪᠠ᠃ ᠡᠨᠡ   ᠨᠢ ᠨᠤᠲᠤᠭ ᠤᠨ ᠠᠷᠠᠳ ᠲᠦᠮᠡᠨ ᠳᠤ  ᠨᠢᠭᠡᠨ ᠪᠤᠲᠠᠲᠤ ᠠᠰᠠᠭᠤᠳᠠᠯ ᠢ ᠰᠢᠢᠳᠪᠦᠷᠢᠯᠡᠭᠰᠡᠨ ᠪᠠᠷ ᠦᠯᠦ ᠪᠠᠷᠠᠨ ᠴᠢᠯᠦᠭᠡᠯᠡᠭᠲᠡᠬᠦ ᠦᠶ᠎ᠡ ᠶᠢᠨ ᠠᠷᠠᠳ ᠤᠨ ᠵᠠᠰᠠᠭ ᠤᠨ ᠤᠷᠳᠤᠨ ᠳᠤ ᠴᠤ ᠶᠡᠭᠡ ᠬᠡᠮᠵᠢᠶᠡᠨ ᠤ ᠰᠤᠶᠤᠯ ᠲᠠᠢ ᠴᠢᠳᠠᠪᠦᠷᠢᠲᠠᠨ ᠢ ᠬᠦᠮᠦᠵᠢᠭᠦᠯᠪᠠ᠃ ︵ ᠨᠠᠷᠢᠨ ᠪᠠᠶᠢᠳᠠᠯ ᠢ ᠨᠠᠰᠤᠨᠳᠡᠯᠭᠡᠷ ᠬᠢᠭᠡᠳ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠭᠡᠬᠦ ᠪᠦᠯᠦᠭ ᠠᠴᠠ ᠦᠵᠡᠭᠡᠷᠡᠢ︶       1949 ᠤᠨ ᠤ 9 ᠰᠠᠷ᠎ᠠ ᠶᠢᠨ19 ᠤ ᠡᠳᠦᠷ ᠹᠦ᠋ ᠽᠧ ᠢ ᠨᠠᠶᠢᠷᠠᠮᠳᠠᠯ ᠢᠶᠠᠷ ᠵᠢᠷᠤᠮ ᠤᠨ ᠪᠤᠰᠤᠯᠭ᠎ᠠ ᠭᠠᠷᠭᠠᠭᠰᠠᠨ ᠳᠠᠷᠠᠭ᠎ᠠ᠂  ︽ ᠬᠠᠩᠬ᠎ᠠ ᠶᠢᠨ ᠬᠡᠷᠡᠭ ᠡᠷᠬᠢᠯᠡᠬᠦ ᠭᠠᠵᠠᠷ︾ ᠨᠢ ᠠᠷᠪᠠᠨ ᠨᠢᠭᠡᠳᠦᠭᠡᠷ ᠴᠢᠦᠢ᠂ ᠠᠷᠪᠠᠨ ᠬᠤᠶᠠᠳᠤᠭᠠᠷ ᠴᠢᠦᠢ᠂ ᠠᠷᠪᠠᠨ ᠭᠤᠷᠪᠠᠳᠤᠭᠠᠷ ᠴᠢᠦᠢ ᠪᠤᠯᠤᠨ ᠬᠤᠪᠢᠷᠠᠵᠦ᠂  ᠶᠠᠨ ᠵᠢᠶᠠᠩ ᠰᠢᠶᠠᠨ ︵宴江县 ︶ ᠢ ᠦᠭᠡᠶᠢᠰᠬᠡᠵᠦ᠂ ᠳᠠᠯᠠᠳ ᠤᠨ ᠬᠤᠶᠢᠲᠣ ᠬᠤᠰᠢᠭᠤ ᠶᠢ ᠪᠠᠶᠢᠭᠤᠯᠪᠠ᠃ ᠬᠤᠰᠢᠭᠤ ᠵᠠᠰᠠᠭ ᠤᠨ ᠤᠷᠳᠤᠨ ᠤ  ᠪᠠᠶᠢᠭ᠎ᠠ ᠭᠠᠵᠠᠷ ᠨᠢ ᠳᠤᠷᠤᠭ ᠮᠤᠳᠤᠨ ᠳᠤ ᠪᠠᠶᠢᠪᠠ  ︵塔尔寺︶᠃ ᠳᠠᠷᠤᠢ ᠡᠳᠦᠭᠡ ᠶᠢᠨ ᠪᠠᠶᠠᠨᠨᠠᠭᠤᠷ ᠬᠤᠲᠠ ᠶᠢᠨ ᠡᠤ ᠶᠤᠸᠠᠨ ᠰᠢᠶᠠᠨ ᠤ ᠪᠠᠶᠠᠨ ᠲᠠᠯ᠎ᠠ ᠪᠠᠯᠭᠠᠰᠤ ᠪᠤᠯᠤᠨ᠎ᠠ᠃1950 ᠤᠨ ᠤ ᠳᠠᠷᠠᠭ᠎ᠠ ᠪᠠᠷ ᠳᠡᠭᠡᠷ᠎ᠡ ᠱᠠᠳᠤᠨ ᠠᠴᠠ ᠬᠡᠰᠢᠭᠳᠡᠯᠠᠢ  ᠂ ᠪᠠ᠊ ᠣᠳᠣᠨ ᠢ ᠲᠤᠮᠢᠯᠠᠵᠤ ᠳᠡᠭᠡᠷ᠎ᠡ ᠱᠠᠳᠤᠨ ᠤ ᠨᠠᠮ ᠤᠨ ᠬᠤᠷᠢᠶᠠᠨ ᠤ ᠵᠠᠷᠯᠢᠭ ᠢᠶᠠᠷ ᠳᠠᠯᠠᠳ ᠤᠨ ᠬᠤᠶᠢᠳᠤ ᠬᠤᠰᠢᠭᠤ ᠶᠢ ᠡᠾᠧᠲ᠋ᠤᠤ ᠶᠢᠨ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠲᠤᠭᠤᠷᠢᠭ ︵河套行政管理区︶ ᠳᠤ ᠬᠤᠪᠢᠶᠠᠷᠢᠯᠠᠨ ᠦᠭᠪᠡ᠃ ᠰᠡᠭᠦᠯᠳᠡᠵᠦ ᠴᠠᠭ ᠤᠨ ᠪᠠᠶᠢᠳᠠᠯ ᠤᠨ  ᠬᠦᠭᠵᠢᠯᠲᠡ ᠪᠠᠷ ᠭᠠᠵᠠᠷ ᠰᠢᠷᠤᠢ ᠶᠢ ᠨᠢ ᠡᠤ ᠶᠤᠸᠠᠨ ᠪᠤᠯᠤᠨ ᠯᠢᠨ ᠡᠾᠧ ᠳᠤ ᠬᠤᠪᠢᠶᠠᠷᠢᠯᠠᠭᠰᠠᠨ ᠪᠦᠭᠡᠳ ᠪᠠᠶᠠᠨᠨᠠᠭᠤᠷ ᠠᠶᠢᠮᠠᠭ ᠲᠤ ᠵᠠᠬᠢᠷᠤᠭᠳᠠᠬᠤ ᠪᠤᠯᠪᠠ᠃ ᠡᠭᠦᠨ ᠠᠴᠠ ᠬᠤᠶᠢᠰᠢ ᠰᠠᠶ᠋ᠢ ᠤᠤᠯ ᠤᠨ ᠳᠠᠯᠠᠳ ᠬᠤᠰᠢᠭᠤᠨ ᠤ ︽ᠬᠠᠨᠲᠠᠢ︾ ᠨᠤᠲᠤᠭ  ᠨᠢ ᠶᠡᠭᠡ ᠵᠤᠤ ᠠᠶᠢᠮᠠᠭ ᠲᠤ ︵ᠤᠷᠳᠤᠰ ᠬᠤᠲᠠ︶ ᠬᠠᠷᠢᠶᠠᠯᠠᠭᠳᠠᠵᠤ᠂ ︽ᠬᠠᠩᠬ᠎ᠠ︾ ᠨᠤᠲᠤᠭ ᠨᠢ ᠪᠠᠶᠠᠨᠨᠠᠭᠤᠷ ᠠᠶᠢᠮᠠᠭ ︵ᠬᠤᠲᠠ︶ ᠲᠤ ᠬᠠᠷᠢᠶᠠᠯᠠᠭᠲᠠᠬᠤ ᠪᠤᠯᠤᠭᠰᠠᠨ ᠪᠦᠭᠡᠳ ᠤᠷᠳᠤᠰ ᠪᠤᠯᠤᠨ ᠪᠠᠶᠠᠨᠨᠠᠭᠤᠷ ᠬᠠᠳᠤᠨ ᠭᠤᠤᠯ  ᠪᠠᠷ ᠰᠠᠪᠠᠯᠠᠬᠤ ᠪᠤᠯᠵᠠᠢ᠃    
ᠢᠷᠡᠯᠲᠡ᠄ ︽ᠳᠠᠯᠠᠳ ᠤᠨ ᠰᠤᠶᠤᠯ ᠲᠡᠦᠬᠡ︾ ᠭᠡᠬᠦ ᠨᠤᠮ ᠠᠴᠠ ᠪᠠᠭᠤᠯᠭᠠᠪᠠ᠃