ᠳᠠᠯᠠᠳ ᠬᠤᠰᠢᠭᠤᠨ ᠤ ᠸᠠᠩ ᠤᠨ ᠦᠶ᠎ᠡ ᠵᠠᠯᠭᠠᠮᠵᠢ ᠶᠢᠨ ᠲᠤᠬᠠᠢ ᠳᠤᠪᠴᠢ
ᠨᠡᠶᠢᠲᠡᠯᠡᠭᠰᠡᠨ ᠴᠠᠭ᠄
2018/11/14
       ᠴᠢᠩᠭᠢᠰ ᠬᠠᠭᠠᠨ ᠤ ᠠᠷᠪᠠᠨ ᠵᠢᠷᠭᠤᠳᠤᠭᠠᠷ ᠦᠶ᠎ᠡ ᠶᠢᠨ ᠠᠴᠢ ᠪᠠᠷᠰᠪᠤᠯᠤᠳ ᠵᠢᠨᠤᠩ ᠤᠨ ᠤᠤᠭᠠᠨ ᠬᠦᠪᠡᠭᠦᠨ ᠬᠦᠨᠪᠢᠯᠢᠭᠳᠦ ᠮᠡᠷᠭᠡᠨ ᠵᠢᠨᠤᠩ ᠳᠤᠰᠢᠶᠠᠯ ᠵᠠᠯᠭᠠᠮᠵᠢᠯᠠᠨ ᠤᠷᠳᠤᠰ ᠢ ᠡᠵᠡᠮᠰᠢᠪᠡ᠃ ᠲᠡᠷᠡ ᠶᠢᠰᠤᠨ ᠬᠦᠪᠡᠭᠦᠨ ᠲᠦᠷᠦᠵᠦ᠂ ᠵᠢᠷᠭᠤᠭᠠᠨ ᠬᠦᠪᠡᠭᠦᠨ ᠢᠶᠠᠨ ᠵᠠᠰᠠᠭ ᠪᠠᠶᠢᠰᠠ ᠨᠤᠶᠠᠨ ᠪᠠ ᠪᠠᠶᠢᠯᠠ ᠨᠤᠶᠠᠨ ᠡᠷᠭᠦᠮᠵᠢᠯᠡᠨ ᠵᠠᠬᠢᠷᠠᠭᠤᠯᠤᠭᠰᠠᠨ‌‍ᠪᠠᠶᠢᠨ᠎ᠠ᠃        ᠳᠠᠯᠠᠳ ᠬᠤᠰᠢᠭᠤ ᠪᠤᠯ ᠭᠤᠷᠪᠠᠳᠤᠭᠠᠷ ᠬᠦᠪᠡᠭᠦᠨ ᠰᠤᠭᠳᠤᠷᠠᠮ ᠤᠨ ᠬᠤᠰᠢᠭᠤ ᠪᠤᠯᠤᠨ᠎ᠠ᠃ ᠪᠤᠷᠤ ᠲᠤᠬᠤᠢ ᠶᠢᠨ ᠵᠡᠭᠦᠨ ᠬᠤᠶᠢᠳᠤ ᠭᠡᠰᠡᠭ ᠲᠤ ᠪᠡᠶᠢᠷᠢᠯᠠᠵᠦ ᠪᠠᠶᠢᠭ᠎ᠠ ᠪᠠᠯᠭᠠᠰᠤᠨ ᠳᠠᠩᠭᠢᠰ ᠭᠡᠳᠡᠭ ᠭᠠᠵᠠᠷ ᠲᠤ ᠤᠤᠭᠠᠨ ᠶᠠᠮᠤᠨ ᠱᠠᠩ ᠢ ᠪᠠᠶᠢᠭᠤᠯᠵᠠᠢ᠃  ︵ᠤᠤᠯ ᠨᠢ ᠳᠠᠯᠠᠳ ᠬᠤᠰᠢᠭᠤ ᠶᠢ ᠵᠡᠭᠦᠨ ᠭᠠᠷ ᠤᠨ ᠬᠤᠶᠢᠳᠤ ᠬᠤᠰᠢᠭᠤ ᠬᠡᠮᠡᠳᠡᠭ︶ ᠰᠤᠭᠳᠤᠷᠠᠮ ᠤᠨ ᠬᠦᠪᠡᠭᠦᠨ ᠰᠠᠨᠵᠠᠢ᠃ ᠴᠤᠯᠠ ᠴᠦᠬᠦᠷ ᠲᠡᠭᠦᠨ ᠤ ᠬᠦᠪᠡᠭᠦᠨ ᠱᠠᠭᠵᠠ᠂ ᠲᠡᠭᠦᠨ ᠤ ᠬᠦᠪᠡᠭᠦᠨ ᠬᠦᠷᠦᠰᠬᠡᠪᠡ᠃ ᠲᠡᠭᠦᠨ ᠤ ᠬᠦᠪᠡᠭᠦᠨ ᠷᠠᠰᠢᠵᠠᠮᠰᠤ ᠪᠤᠯ ᠬᠤᠶᠠᠳᠤᠭᠠᠷ ᠵᠠᠰᠠᠭ ᠵᠠᠯᠭᠠᠮᠵᠢᠯᠠᠪᠠ᠃ ᠷᠠᠰᠢᠵᠠᠮᠰᠦ ᠶᠢᠨ ᠬᠦᠪᠡᠭᠦᠨ ᠨᠠᠮᠵᠢᠯᠰᠠᠷᠠᠩ1714 ᠤᠨ ᠳᠤ ᠬᠤᠷᠪᠠᠳᠤᠭᠠᠷ ᠵᠠᠰᠠᠭ ᠪᠠᠶᠢᠰᠠ ᠵᠠᠯᠭᠠᠮᠵᠢᠯᠠᠪᠠ᠃ ᠨᠠᠮᠵᠢᠯᠰᠠᠷᠠᠩ ᠤᠨ ᠬᠤᠶᠠᠳᠤᠭᠠᠷ ᠬᠦᠪᠡᠭᠦᠨ ᠯᠠᠸᠠᠩᠪᠠᠯᠳᠠᠷᠰᠡᠷᠠᠩ1762 ᠣᠨ ᠳᠤ ᠲᠦᠷᠪᠡᠳᠦᠭᠡᠷ ᠵᠠᠰᠠᠭ ᠪᠠᠶᠢᠰᠠ  ᠶᠢᠨ ᠰᠠᠭᠤᠷᠢᠨ ᠢ ᠵᠠᠯᠭᠠᠮᠵᠢᠯᠠᠪᠠ᠃ ᠯᠠᠸᠠᠩᠪᠠᠯᠳᠠᠷᠰᠡᠷᠠᠩ ᠬᠦᠪᠡᠭᠦᠨ ᠦᠭᠡᠢ ᠲᠤᠯᠠ ᠲᠡᠭᠦᠨ ᠤ ᠲᠦᠷᠪᠡᠳᠦᠭᠡᠷ ᠲᠡᠭᠦᠦ ᠳᠠᠮᠪᠠᠳᠤᠷᠵᠢ ᠵᠠᠰᠠᠭ ᠪᠠᠶᠢᠰᠠ ᠶᠢᠨ ᠰᠠᠭᠤᠷᠢᠨ ᠢ ᠵᠠᠯᠭᠠᠮᠵᠢᠯᠠᠨ1766 ᠤᠨ ᠳᠤ ᠳᠠᠪᠤᠳᠣᠭᠠᠷ ᠪᠠᠶᠢᠰᠠ ᠨᠤᠶᠠᠨ ᠪᠤᠯᠪᠠ᠃ ᠳᠠᠮᠪᠠᠳᠤᠷᠵᠢ ᠶᠢᠨ ᠬᠦᠪᠡᠭᠦᠨ ᠶᠦᠩᠷᠤᠩᠳᠤᠷᠵᠢ1790 ᠣᠨ ᠳᠤ ᠵᠢᠷᠭᠤᠳᠣᠭᠠᠷ ᠵᠠᠰᠠᠭ ᠪᠠᠶᠢᠰᠠ ᠪᠤᠯᠵᠠᠢ᠃ ᠶᠦᠩᠷᠤᠩᠳᠤᠷᠵᠢ ᠶᠢᠨ ᠬᠦᠪᠡᠭᠦᠨ ᠳᠠᠰᠢᠳᠤᠷᠵᠢ1801 ᠤᠨ ᠳᠤ ᠲᠤᠯᠤᠳᠤᠭᠠᠷ ᠵᠠᠰᠠᠭ ᠪᠠᠶᠢᠰᠠ ᠪᠤᠯᠵᠠᠢ ᠃ ᠳᠠᠰᠢᠳᠤᠷᠵᠢ ᠶᠢᠨ ᠬᠦᠪᠡᠭᠦᠨ ᠱᠠᠨᠵᠢᠮᠢᠳᠠᠪ1855 ᠤᠨ ᠳᠤ ᠨᠠᠢᠮᠠᠳᠤᠭᠠᠷ ᠵᠠᠰᠠᠭ ᠪᠠᠶᠢᠰᠠ ᠵᠠᠯᠭᠠᠮᠵᠢᠯᠠᠪᠠ᠃ ᠱᠠᠨᠵᠢᠮᠢᠳᠠᠪ ᠤᠨ ᠬᠦᠪᠡᠭᠦᠨ ᠰᠤᠳᠨᠠᠮᠫᠤᠩᠰᠤᠭ1883 ᠤᠨ ᠳᠤ ᠶᠢᠰᠦᠳᠦᠭᠡᠷ ᠵᠠᠰᠠᠭ ᠪᠠᠶᠢᠰᠠ ᠵᠠᠯᠭᠠᠮᠵᠢᠯᠠᠪᠠ᠃ ᠰᠤᠳᠨᠠᠮᠫᠤᠩᠰᠤᠭ ᠤᠨ ᠬᠦᠪᠡᠭᠦᠨ ᠰᠤᠨᠢᠨᠰᠤᠳᠤ1886 ᠤᠨ ᠳᠤ ᠵᠠᠰᠠᠭ ᠪᠠᠶᠢᠰᠠ ᠵᠠᠯᠭᠠᠮᠵᠢᠯᠠᠪᠠ᠃ ᠲᠡᠷᠡ ᠪᠤᠯ ᠠᠷᠪᠠᠳᠤᠭᠠᠷ ᠵᠠᠰᠠᠭ ᠪᠠᠶᠢᠰᠠ ᠪᠠᠶᠢᠭᠰᠠᠨ ᠶᠤᠮ᠃ ᠲᠡᠭᠦᠨ ᠠᠴᠠ ᠬᠦᠪᠡᠭᠦᠨ ᠦᠭᠡᠢ ᠲᠤᠯᠠ ᠠᠪᠠᠭ᠎ᠠ ᠡᠪᠦᠭᠡ ᠴᠠᠭᠳᠤᠷᠰᠡᠷᠡᠩ1897 ᠤᠨ ᠳᠤ ᠠᠷᠪᠠᠨ ᠨᠢᠭᠡᠳᠦᠭᠡᠷ ᠵᠠᠰᠠᠭ ᠪᠠᠶᠢᠰᠠ ᠶᠢᠨ ᠰᠠᠭᠤᠷᠢᠨ ᠢ ᠵᠠᠯᠭᠠᠮᠵᠢᠯᠠᠪᠠ᠂ ᠲᠡᠭᠦᠨ  ᠠᠴᠠ ᠬᠦᠪᠡᠭᠦᠨ ᠦᠭᠡᠢ ᠲᠤᠯᠠ ᠦᠶᠡᠯᠡᠳ ᠠᠴᠢ ᠲᠦᠮᠡᠨᠪᠠᠶᠠᠷ ᠨᠢ1898 ᠤᠨ ᠳᠤ ᠠᠷᠪᠠᠨ ᠬᠤᠶᠠᠳᠣᠭᠠᠷ ᠵᠠᠰᠠᠭ ᠪᠠᠶᠢᠰᠠ ᠶᠢᠨ ᠰᠠᠭᠤᠷᠢᠨ ᠢ ᠵᠠᠯᠭᠠᠮᠵᠢᠯᠠᠪᠠ᠃ ᠲᠡᠭᠦᠨ ᠢ ᠨᠠᠰᠤ ᠪᠠᠷᠠᠭᠰᠠᠨ ᠤ ᠳᠠᠷᠠᠭ᠎ᠠ ᠬᠦᠪᠡᠭᠦᠨ ᠰᠦᠮᠪᠡᠷᠪᠠᠳᠤ  ᠨᠢ1912 ᠤᠨ ᠳᠤ ᠵᠠᠰᠠᠭ ᠪᠠᠶᠢᠰᠠ ᠵᠠᠯᠭᠠᠮᠵᠢᠯᠠᠵᠦ ᠠᠷᠪᠠᠨ ᠬᠤᠷᠪᠠᠳᠣᠭᠠᠷ ᠵᠠᠰᠠᠭ ᠨᠤᠶᠠᠨ ᠪᠤᠯᠪᠠ᠃ ᠰᠦᠮᠪᠡᠷᠪᠠᠳᠤ ᠶᠢᠨ ᠦᠶ᠎ᠡ ᠠᠴᠠ ᠡᠬᠢᠯᠡᠨ ᠦᠶ᠎ᠡ ᠤᠯᠠᠷᠢᠨ ᠵᠠᠰᠠᠭ ᠪᠠᠶᠢᠯᠠ ᠪᠤᠯᠬᠤ ᠪᠤᠯᠵᠠᠢ᠃ ᠲᠡᠭᠦᠨ ᠢ ᠨᠠᠰᠤ ᠪᠠᠷᠠᠭᠰᠠᠨ ᠤ ᠳᠠᠷᠠᠭ᠎ᠠ ᠬᠦᠪᠡᠭᠦᠨ ᠰᠦᠮᠪᠦᠷᠪᠠᠳᠤ ᠨᠢ1912 ᠤᠨ ᠳᠤ ᠵᠠᠰᠠᠭ ᠪᠠᠶᠢᠰᠠ ᠵᠠᠭᠠᠮᠵᠢᠯᠠᠵᠦ ᠠᠷᠪᠠᠨ ᠭᠤᠷᠪᠠᠳᠤᠭᠠᠷ ᠵᠠᠰᠠᠭ ᠨᠤᠶᠠᠨ ᠪᠤᠯᠪᠠ᠃ ᠰᠦᠮᠪᠦᠷᠪᠠᠳᠤ ᠶᠢᠨ ᠦᠶ᠎ᠡ ᠠᠴᠠ ᠡᠬᠢᠯᠡᠨ ᠦᠶ᠎ᠡ ᠤᠯᠠᠷᠢᠨ ᠵᠠᠰᠠᠭ ᠪᠠᠶᠢᠯᠠ ᠪᠤᠯᠬᠤ ᠪᠤᠯᠵᠠᠢ᠃ ᠲᠡᠭᠦᠨ ᠢ ᠨᠠᠰᠤ ᠪᠠᠷᠠᠭᠰᠠᠨ ᠤ ᠳᠠᠷᠠᠭ᠎ᠠ ᠬᠦᠪᠡᠭᠦᠨ ᠨᠢ ᠪᠠᠭ᠎ᠠ ᠲᠤᠯᠠ ᠲᠡᠭᠦᠦ ᠵᠠᠮᠪᠠᠯᠳᠤᠷᠵᠢ  ᠳᠠᠭᠠᠨ ᠵᠠᠰᠠᠭ ᠪᠠᠶᠢᠯᠠ ᠶᠢᠨ ᠳᠠᠮᠠᠭ᠎ᠠ ᠶᠢ ᠤᠷᠤᠯᠠᠨ ᠠᠳᠬᠤᠭᠤᠯᠵᠠᠢ᠃ ᠭᠡᠪᠡᠴᠦ ᠲᠡᠭᠦᠨ ᠤ ᠭᠠᠷ ᠲᠠᠬᠢ ᠵᠠᠰᠠᠭ ᠲᠠᠮᠠᠭ᠎ᠠ ᠶᠢᠨ ᠡᠷᠬᠡ ᠶᠢ ᠳᠡᠭᠦᠦ ᠸᠠᠩᠴᠢᠨᠳᠤᠷᠵᠢ ᠨᠢ ᠪᠤᠯᠢᠶᠠᠨ ᠠᠪᠤᠭᠰᠠᠨ ᠶᠤᠮ᠃
ᠢᠷᠡᠯᠲᠡ᠄ ︽ᠳᠠᠯᠠᠳ ᠤᠨ ᠰᠤᠶᠤᠯ ᠲᠡᠦᠬᠡ︾ ᠭᠡᠬᠦ ᠨᠤᠮ ᠠᠴᠠ ᠪᠠᠭᠤᠯᠭᠠᠪᠠ᠃