ᠳᠠᠯᠠᠳ‌‍ᠭᠡᠬᠦ ᠨᠡᠷ᠎ᠡ ᠶᠢᠨ ᠢᠷᠡᠯᠳᠡ
ᠨᠡᠶᠢᠲᠡᠯᠡᠭᠰᠡᠨ ᠴᠠᠭ᠄
2018/11/28
       《 ᠳᠠᠯᠠᠳ》ᠭᠡᠳᠡᠭ ᠨᠡᠷ᠎ᠡ ᠶᠢᠨ ᠡᠭᠦᠰᠦᠯ᠂ ᠢᠷᠡᠯᠳᠡ ᠶᠢᠨ ᠲᠤᠬᠠᠢ ᠶᠠᠩᠵᠦ ᠪᠦᠷᠢ ᠶᠢᠨ ᠤᠯᠠᠮᠵᠢᠯᠠᠯ ᠶᠠᠷᠢᠶ᠎ᠠ ᠪᠤᠢ᠃ ᠨᠢᠭᠡ ᠳᠤ᠂ ᠳᠠᠯᠠᠳ ᠤᠨ ᠳᠡᠭᠡᠳᠦᠰ ᠨᠢ ᠳᠠᠯᠠᠨ ᠪᠠᠭᠠᠳᠤᠷ ᠢᠵᠠᠭᠤᠷᠳᠠᠨ ᠪᠠᠶᠢᠭᠰᠠᠨ ᠠᠴᠠ《 ᠳᠠᠯᠠ》 ‍ᠡᠰᠡᠨ ᠲᠤᠭᠠᠨ ᠤ ᠦᠭᠡᠨ ᠤ ᠳᠤᠤᠷ᠎ᠠ ᠤᠯᠠᠨ ᠲᠤᠭᠠᠨ ᠤ ᠳᠠᠭᠠᠪᠤᠷᠢ〈 ᠤᠨ〉 ᠢ ᠵᠠᠯᠭᠠᠵᠦ《 ᠳᠠᠯᠠᠳ》ᠪᠤᠯᠤᠭᠰᠠᠨ ᠭᠡᠨ᠎ᠡ᠃ ᠬᠤᠶᠠᠷ ᠲᠤ᠂ ᠲᠠᠯ᠎ᠠ ᠳᠤ ᠭᠡᠰᠡᠨ ᠦᠭᠡ ᠶᠢᠨ ᠪᠢᠴᠢᠯᠭᠡ ᠨᠢ ᠬᠤᠪᠢᠷᠠᠭᠠᠳ《 ᠳᠠᠯᠠᠳ》 ᠭᠡᠵᠦ ᠪᠢᠴᠢᠬᠦ ᠪᠤᠯᠵᠠᠢ ᠭᠡᠨ᠎ᠡ᠃ ᠭᠤᠷᠪᠠ ᠳᠤ᠂ ᠳᠠᠯᠠᠳ ᠤᠨ ᠡᠪᠦᠭᠡ ᠳᠡᠭᠡᠳᠦᠰ ᠨᠢ ᠲᠦᠯᠭᠡ ᠦᠵᠡᠳᠡᠭ ᠳᠠᠯᠣᠨ ᠶᠠᠰᠤ ᠶᠢ ᠰᠢᠳᠦᠵᠦ ᠪᠠᠶᠢᠭᠰᠠᠨ ᠤᠴᠢᠷ ᠠᠴᠠ《 ᠳᠠᠯᠠᠳ》ᠭᠡᠳᠡᠭ ᠦᠭᠡ ᠨᠢ《 ᠳᠠᠯᠤ》ᠭᠡᠰᠡᠨ ᠦᠭᠡᠨ  ᠠᠴᠠ ᠢᠷᠡᠯᠳᠡ ᠲᠠᠢ ᠭᠡᠵᠦ ᠪᠤᠢ᠃          ᠰᠤᠨᠤᠮ ᠨᠦᠬᠦᠷ ᠤᠨ ᠮᠤᠩᠭᠤᠯᠴᠢᠯᠠᠭᠰᠠᠨ ᠠ᠊᠂ ᠮᠤᠰᠲᠶᠧᠷᠲ ︵ᠪᠧᠯᠬᠢ︶ ᠶᠢᠨ ᠵᠤᠬᠢᠶᠠᠭᠰᠠᠨ《 ᠤᠷᠳᠤᠰ ᠤᠨ ᠳᠤᠬᠠᠢ ᠳᠡᠮᠳᠡᠭᠯᠡᠯ》 ᠳᠤ〈 ᠳᠠᠯᠠᠳ〉ᠪᠤᠯ ᠬᠤᠰᠢᠭᠤᠨ ᠤ ᠨᠡᠷ᠎ᠡ ᠪᠤᠯᠵᠦ ᠬᠤᠪᠢᠷᠠᠭᠰᠠᠨ ᠤᠪᠤᠭ  ᠤᠨ ᠨᠡᠷ᠎ᠡ ᠪᠤᠯᠤᠨ᠎ᠠ᠂ ᠳᠤᠯᠤᠭᠠᠨ ᠬᠤᠰᠢᠭᠤᠨ ᠤ ᠳᠤᠳᠤᠷ᠎ᠠ ᠭᠤᠷᠪᠠᠨ ᠬᠤᠰᠢᠭᠤ ᠨᠢ ᠤᠤᠯ ᠤᠨ ᠤᠪᠤᠭ ᠤᠨ ᠨᠡᠷ᠎ᠡ ︵ᠦᠤᠰᠢᠨ᠂ ᠬᠠᠩᠭᠢᠨ᠂ ᠳᠠᠯᠠᠳ︶ ᠶᠢ ᠬᠡᠷᠡᠭᠯᠡᠵᠦ ᠪᠤᠢ ᠭᠡᠵᠦ ᠳᠤᠳᠤᠷᠬᠠᠢ ᠳᠡᠮᠳᠡᠭᠯᠡᠵᠦ ᠪᠠᠶᠢᠨ᠎ᠠ᠃ ᠡᠭᠦᠨ ᠠᠴᠠ ᠦᠵᠡᠭᠦ ᠳᠤ《 ᠳᠠᠯᠠᠳ》ᠪᠤᠯ ᠤᠪᠤᠭ ᠠᠶᠢᠮᠠᠭ ᠤᠨ ᠨᠡᠷ᠎ᠡ ᠠᠴᠠ ᠢᠷᠡᠯᠳᠡ ᠲᠠᠢ ᠬᠤᠰᠢᠭᠤᠨ ᠤ ᠨᠡᠷ᠎ᠡ ᠪᠤᠯᠬᠤ ᠨᠢ ᠶᠠᠷᠢᠶᠠᠨ ᠦᠭᠡᠢ᠃ ᠡᠶᠢᠮᠦ ᠠᠴᠠ《 ᠳᠠᠯᠠᠳ》ᠭᠡᠰᠡᠨ ᠦᠭᠡ ᠨᠢ ᠮᠤᠩᠭᠤᠯ ᠦᠨᠳᠦᠰᠦᠳᠡᠨ ᠤ ᠳᠠᠯᠠᠨ ᠪᠠᠭᠠᠳᠤᠷᠴᠤᠳ ᠪᠤᠶᠤ ᠳᠠᠯᠠᠨ ᠪᠠᠭᠠᠳᠤᠷᠴᠤᠳ ᠤᠨ ᠬᠤᠶᠢᠴᠢ ᠦᠶ᠎ᠡ ᠠᠴᠠ ᠪᠦᠷᠢᠯᠳᠦᠭᠰᠡᠨ ᠨᠢᠭᠡᠨ ᠤᠪᠤᠭ ᠠᠶᠢᠮᠠᠭ  ᠤᠨ ᠨᠡᠷ᠎ᠡ ᠠᠴᠠ ᠢᠷᠡᠯᠳᠡ ᠲᠠᠢ ᠭᠡᠰᠡᠨ ᠨᠢ ᠨᠡᠩ ᠤᠨᠤᠪᠴᠢᠳᠠᠢ ᠪᠦᠭᠡᠳ ᠵᠤᠬᠢᠰ ᠲᠠᠢ ᠭᠡᠵᠦ ᠦᠵᠡᠵᠦ ᠪᠠᠶᠢᠨ᠎ᠠ᠃
ᠢᠷᠡᠯᠲᠡ᠄ 《 ᠳᠠᠯᠠᠳ ᠬᠤᠰᠢᠭᠤᠨ ᠤ ᠭᠠᠵᠠᠷ ᠤᠨ ᠨᠡᠷᠡᠰ ᠤᠨ ᠰᠤᠶᠤᠯ》 ᠭᠡᠬᠦ ᠨᠤᠮ ᠠᠴᠠ ᠤᠷᠴᠢᠭᠤᠯᠤᠨ ᠪᠠᠭᠤᠯᠭᠠᠪᠠ᠃