ᠵᠦᠩ ᠡᠾᠧ ᠰᠢ ᠪᠠᠯᠭᠠᠰᠤᠨ ᠤ ᠨᠡᠷ᠎ᠡ ᠶᠢᠨ ᠢᠷᠡᠯᠳᠡ
ᠨᠡᠶᠢᠲᠡᠯᠡᠭᠰᠡᠨ ᠴᠠᠭ᠄
2018/11/28
      ᠴᠢᠩ ᠤᠯᠤᠰ ᠤᠨ ᠰᠡᠭᠦᠯᠴᠢ ᠶᠢᠨ ᠦᠶ᠎ᠡ ᠳᠤ᠂ ᠱᠠᠨᠰᠢ ᠮᠤᠵᠢ ᠠᠴᠠ ᠨᠡᠭᠦᠨ ᠢᠷᠡᠭᠰᠡᠨ ᠬᠤᠳᠠᠯᠳᠤᠭᠠᠴᠢᠨ ᠠᠳᠡ“ ᠵᠦᠩ ᠡᠾᠧ ᠰᠢ” ᠭᠡᠰᠡᠨ ᠬᠤᠳᠠᠯᠳᠤᠭᠠᠨ ᠤ ᠳᠡᠮᠳᠡᠭ ᠭᠠᠷᠭᠠᠭᠰᠠᠨ ᠠᠴᠠ ᠪᠤᠯᠵᠦ ᠢᠩᠭᠡᠵᠦ ᠨᠡᠷᠡᠶᠢᠳᠴᠡᠢ᠃       ᠹᠠᠨ ᠱᠧᠨ ᠳᠤᠰᠬᠤᠨ ᠤ ᠠᠷᠠᠳ ᠤᠨ ᠵᠦᠪᠯᠡᠯ ︵翻身村村民委员会︶᠄  ᠠᠳᠡᠬᠢ ᠤᠤᠯ ᠨᠡᠷ᠎ᠡ ᠨᠢ“ ᠰᠠᠨ ᠡᠾᠧ ᠡᠾᠧᠩ” ᠭᠧ ᠳ᠋ᠠᠨ ᠭᠡᠳᠡᠭ᠂  ᠴᠢᠯᠤᠭᠡᠯᠡᠭᠳᠡᠭᠰᠡᠨ ᠤ ᠳᠠᠷᠠᠭ᠎ᠠ ᠢᠯᠠᠯᠳᠠ ᠪᠠᠨ ᠪᠡᠯᠡᠭᠯᠡᠭᠰᠡᠨ ᠠᠴᠠ ᠢᠩᠬᠡᠵᠦ ᠨᠡᠷᠡᠶᠢᠳᠴᠡᠢ᠃       ᠪᠤᠷᠤ ᠬᠤᠰᠢᠭᠤ ᠳᠣᠰᠬᠤᠨ ᠤ ᠠᠷᠠᠳ ᠤᠨ ᠵᠦᠪᠯᠡᠯ ︵宝日胡舒村村民委员会︶᠄  ᠪᠤᠷᠤ ᠬᠤᠰᠢᠭᠤ ᠭᠡᠳᠡᠭ ᠨᠢ ᠮᠤᠩᠭᠤᠯ ᠦᠭᠡ᠂ ᠠᠳᠠ ᠪᠤᠷᠤ ᠭᠡᠳᠡᠭ ᠨᠢ ᠰᠠᠭᠠᠷᠠᠯ ᠦᠩᠭᠡ ᠭᠡᠰᠡᠨ ᠤᠳᠬ᠎ᠠ  ᠲᠠᠢ᠂  ᠬᠤᠰᠢᠭᠤ ᠭᠡᠳᠡᠭ ᠨᠢ ᠦᠵᠦᠭᠦᠷ ᠬᠡᠯᠪᠡᠷᠢ ᠲᠠᠢ ᠭᠡᠰᠡᠨ ᠦᠭᠡ᠃ ᠳᠤᠰ ᠭᠠᠵᠠᠷ ᠨᠢ ᠰᠠᠭᠠᠷᠠᠯ ᠦᠩᠭᠡ ᠲᠠᠢ ᠦᠵᠦᠭᠦᠷ ᠲᠠᠢ ᠰᠢᠷᠦᠢ ᠶᠢᠨ ᠠᠭᠤᠯᠠ ᠬᠡᠯᠪᠡᠷᠢ ᠲᠠᠢ ᠤᠴᠢᠷ ᠠᠴᠠ ᠢᠩᠭᠡᠵᠦ ᠨᠡᠷᠡᠶᠢᠳᠴᠡᠢ᠃       ᠨᠠᠨ ᠡᠾᠦᠸᠧ ᠹᠠᠩ ᠳᠤᠰᠬᠤᠨ ᠤ ᠠᠷᠠᠳ ᠤᠨ ᠵᠦᠪᠯᠡᠯ ︵南伙房村村民委员会 ︶᠄  ᠴᠢᠩ ᠤᠯᠤᠰ ᠤᠨ ᠰᠡᠭᠦᠯᠴᠢ ᠨᠡᠶᠢᠳᠡ ᠶᠢᠨ ᠤᠨ ᠲᠤᠭᠠᠯᠠᠯ ᠤᠨ1900 ᠤᠨ ᠳᠤ ᠸᠠᠩ ᠸᠠᠢ ᠰᠢᠨ ᠤ ᠭᠡᠷ  ᠨᠢ ᠭᠤᠤᠯ ᠤᠨ ᠬᠦᠪᠡᠭᠡᠨ ᠳᠤ ᠰᠠᠭᠤᠵᠦ᠂  ᠡᠮᠦᠨ᠎ᠡ ᠲᠠᠯ᠎ᠠ ᠳᠤ ᠪᠠᠨ ᠠᠳᠠᠷ ᠬᠠᠭᠠᠯᠪᠤᠷᠢᠯᠠᠨ ᠭᠠᠵᠠᠷ ᠲᠠᠷᠢᠵᠦ ᠲᠤᠭᠤᠭᠠᠨ ᠭᠡᠷ ᠪᠠᠷᠢᠨ ᠲᠤᠭᠤᠭᠠᠯᠠᠵᠦ ᠪᠠᠶᠢᠭᠰᠠᠨ ᠠᠴᠠ ᠢᠩᠭᠡᠵᠦ ᠨᠡᠷᠡᠶᠢᠳᠴᠡᠢ᠃        ᠬᠤᠩ ᠬᠠᠢ ᠳᠤᠰᠬᠤᠨ ᠤ ᠠᠷᠠᠳ ᠤᠨ ᠵᠦᠪᠯᠡᠯ ︵红海村村民委员会︶᠄  ᠡᠷᠳᠡ ᠤᠷᠢᠳᠦ ᠶᠢᠨ ᠴᠠᠭ ᠲᠤ ᠠᠳᠡ ᠠᠷᠪᠢᠨ ᠪᠤᠯᠠᠭ ᠤᠨ ᠤᠰᠤ ᠬᠤᠷᠠᠵᠦ ᠨᠡᠶᠢᠯᠡᠭᠡᠳ ᠨᠠᠭᠤᠷ ᠪᠤᠯᠵᠦ᠂  ᠬᠦᠷᠦᠰᠦ ᠨᠢ ᠤᠯᠠᠭᠠᠨ ᠬᠦᠷᠦᠰᠦ ᠲᠠᠢ ᠪᠤᠯᠬᠤᠷ ᠢᠩᠭᠡᠵᠦ ᠨᠡᠷᠡᠶᠢᠳᠴᠡᠢ᠃        ᠤᠯᠠᠯᠵᠢ ᠳᠤᠰᠬᠤᠨ ᠤ ᠠᠷᠠᠳ ᠤᠨ ᠵᠦᠪᠯᠡᠯ ︵乌兰计村村民委员会︶  ᠄  ᠤᠯᠠᠯᠵᠢ ᠭᠡᠳᠡᠭ ᠪᠤᠯ ᠨᠢᠭᠡ ᠵᠦᠢᠯ ᠤᠨ ᠳᠦᠭᠦᠮ ᠭᠠᠵᠠᠷ ᠤᠷᠭᠤᠳᠠᠭ ᠡᠪᠡᠰᠦ ᠪᠤᠯᠤᠨ᠎ᠠ᠂ ᠠᠳᠡ ᠤᠯᠠᠯᠵᠢ ᠡᠪᠡᠰᠤ ᠠᠷᠪᠢᠨ ᠤᠷᠭᠤᠳᠠᠭ ᠪᠤᠯᠬᠤᠷ ᠢᠩᠬᠡᠵᠦ ᠨᠡᠷᠡᠶᠢᠳᠴᠡᠢ᠃        ᠡᠮᠦᠨ᠎ᠡ ᠪᠤᠷᠭᠠᠰᠤᠲᠠᠢ ᠶᠢᠨ ᠳᠤᠰᠬᠤᠨ ᠤ ᠠᠷᠠᠳ ᠤᠨ ᠵᠦᠪᠯᠡᠯ ︵南布日格斯太村村民委员会︶᠄ ᠠᠳᠡ ᠪᠤᠷᠭᠠᠰᠤᠳᠠᠢ ᠭᠤᠤᠯ ᠪᠠᠶᠢᠳᠠᠭ ᠤᠴᠢᠷ ᠠᠴᠠ ᠢᠩᠭᠡᠵᠦ ᠨᠡᠷᠡᠶᠢᠳᠴᠡᠢ᠃         ᠰᠤᠬᠠᠶᠢᠳᠤ ᠮᠠᠯᠵᠢᠯ ᠤᠨ ᠳᠤᠰᠬᠤᠨ ᠤ ᠠᠷᠠᠳ ᠤᠨ ᠵᠦᠪᠯᠡᠯ ︵蓿亥图牧业村村民委员会︶᠄ ᠠᠳᠡ ᠰᠤᠬᠠᠢ ᠶᠡᠭᠡ ᠰᠠᠶᠢᠨ ᠤᠷᠭᠤᠳᠠᠭ ᠤᠴᠢᠷ ᠠᠴᠠ ᠢᠩᠭᠡᠵᠦ ᠨᠡᠷᠡᠶᠢᠳᠴᠡᠢ᠃         ᠭᠤᠸᠠᠨ ᠵᠢᠩ ᠳᠤᠰᠬᠤᠨ ᠤ ᠠᠷᠠᠳ ᠤᠨ ᠵᠦᠪᠯᠡᠯ  ︵官井村村民委员会︶᠄ ᠴᠢᠯᠦᠭᠡᠯᠡᠬᠦ ᠠᠴᠠ ᠡᠮᠦᠨ᠎ᠡ᠂ ᠭᠤᠮᠢᠨᠳᠠᠩ ᠤᠨ ᠴᠡᠷᠢᠭ ᠠᠩᠭᠢ ᠳᠤᠰ ᠭᠠᠵᠠᠷ ᠢᠶᠠᠷ ᠦᠩᠭᠡᠷᠡᠨ ᠭᠠᠷᠬᠤ ᠳᠤ ᠪᠠᠨ ᠬᠤᠳᠳᠤᠭ ᠮᠠᠯᠳᠠᠨ ᠣᠮᠳᠠ ᠳᠠᠷᠤᠵᠦ ᠪᠠᠶᠢᠭᠰᠠᠨ‌ᠡᠴᠠ ᠢᠩᠭᠡᠵᠦ ᠨᠡᠷᠡᠶᠢᠳᠴᠡᠢ᠃         ᠸᠠᠨ ᠲᠠᠢ ᠰᠢᠩ ᠳᠤᠰᠬᠤᠨ ᠤ ᠠᠷᠠᠳ ᠤᠨ ᠵᠦᠪᠯᠡᠯ ︵万太兴村村民委员会︶ 1938 ᠤᠨ ᠠᠴᠠ ᠡᠮᠦᠨ᠎ᠡ᠂ ᠠᠳᠡ ᠸᠠᠩ ᠤᠪᠤᠭᠳᠤ ᠠᠶᠢᠯ ᠠᠷᠠᠯᠵᠢᠶ᠎ᠠ ᠬᠢᠵᠦ᠂ ᠬᠤᠳᠠᠯᠳᠤᠭᠠᠨ ᠤ ᠳᠡᠮᠳᠡᠭ  ᠨᠢ“ ᠸᠠᠨ ᠲᠠᠢ ᠰᠢᠩ” ᠪᠤᠯᠬᠤᠷ ᠢᠩᠭᠡᠵᠦ ᠨᠡᠷᠡᠶᠢᠳᠴᠡᠢ᠃            
ᠢᠷᠡᠯᠲᠡ᠄ 《 ᠳᠠᠯᠠᠳ ᠬᠤᠰᠢᠭᠤᠨ ᠤ ᠭᠠᠵᠠᠷ ᠤᠨ ᠨᠡᠷᠡᠰ ᠤᠨ ᠰᠤᠶᠤᠯ》 ᠭᠡᠬᠦ ᠨᠤᠮ‌ᠡᠴᠠ ᠤᠷᠴᠢᠭᠤᠯᠤᠨ ᠪᠠᠭᠤᠯᠭᠠᠪᠠ᠃