ᠡᠩᠭᠡᠪᠡᠢ ᠪᠠᠯᠭᠠᠰᠤᠨ ᠤ ᠨᠡᠷ᠎ᠡ ᠶᠢᠨ ᠢᠷᠡᠯᠳᠡ
ᠨᠡᠶᠢᠲᠡᠯᠡᠭᠰᠡᠨ ᠴᠠᠭ᠄
2018/11/28
       ᠡᠩᠭᠡᠪᠡᠢ ᠭᠡᠳᠡᠭ ᠨᠢ“ ᠡᠩᠭᠡ ᠳᠠᠶᠢᠪᠤᠩ” ᠭᠡᠰᠡᠨ ᠤᠳᠬ᠎ᠠ ᠲᠠᠢ᠂ ᠴᠢᠩ ᠤᠯᠤᠰ ᠤᠨ ᠦᠶ᠎ᠡ ᠳᠤ ᠠᠳᠡ ᠨᠢᠭᠡ“ ᠡᠩᠬᠡᠪᠡᠢ”ᠭᠡᠰᠡᠨ ᠰᠦᠮ᠎ᠡ ᠪᠠᠶᠢᠭᠤᠯᠤᠭᠰᠠᠨ ᠠᠴᠠ ᠢᠩᠭᠡᠵᠦ ᠨᠡᠷᠡᠶᠢᠳᠴᠡᠢ᠃         ᠤᠯᠠᠭᠠᠨ ᠳᠤᠰᠬᠤᠨ ᠤ ᠠᠷᠠᠳ ᠤᠨ ᠵᠦᠪᠯᠡᠯ ︵乌兰村村民委员会︶᠄ 1958 ᠤᠨ ᠤ ᠶᠡᠭᠡ ᠨᠢᠭᠡᠳᠦᠯ ᠤᠨ ᠦᠶ᠎ᠡ ᠳᠤ“ ᠬᠠᠷ᠎ᠠ ᠪᠤᠳᠤᠭ” ᠪᠠᠷᠢᠭᠠᠳᠠ ᠭᠡᠵᠦ ᠨᠡᠷᠡᠶᠢᠳᠴᠦ᠂1964 ᠤᠨ  ᠳᠤ“ ᠤᠯᠠᠭᠠᠨ” ᠪᠠᠷᠢᠭᠠᠳᠠ ᠭᠡᠵᠦ ᠦᠭᠡᠷᠡᠴᠢᠯᠡᠪᠡ᠃ ᠪᠦᠬᠦᠶᠢᠯᠡ ᠨᠡᠷᠡᠶᠢᠳᠦᠯ ᠨᠢ“ ᠤᠯᠠᠭᠠᠨ ᠬᠤᠭᠤᠯᠠᠢ”᠃         ᠫᠦ᠋ ᠭᠧ ᠪᠦ᠋ ᠳᠤᠰᠬᠤᠨ ᠤ ᠠᠷᠠᠳ ᠤᠨ ᠵᠦᠪᠯᠡᠯ ︵蒲圪卜村村民委员会︶᠄ ᠡᠷᠳᠡ ᠤᠷᠢᠳᠠ ᠶᠢᠨ ᠴᠠᠭ ᠲᠤ ᠠᠳᠡ ᠨᠢᠭᠡ ᠨᠠᠭᠤᠷ ᠪᠠᠶᠢᠵᠦ᠂ ᠨᠠᠭᠤᠷ   ᠲᠤ ᠨᠢ ᠵᠡᠭᠡᠰᠦ ᠳᠦᠭᠦᠷᠡᠩ ᠤᠷᠭᠤᠭᠰᠠᠨ ᠪᠤᠯᠬᠤᠷ ᠢᠩᠭᠡᠵᠦ ᠨᠡᠷᠡᠶᠢᠳᠴᠡᠢ᠃         ᠰᠢᠨ ᠭᠧ ᠳ᠋ᠠᠨ ᠳᠣᠰᠬᠤᠨ ᠤ ᠠᠷᠠᠳ ᠤᠨ ᠵᠦᠪᠯᠡᠯ ︵新圪旦村村民委员会︶᠄ ᠢᠷᠭᠡᠨ ᠤᠯᠤᠰ ᠤᠨ ᠦᠶ᠎ᠡ ᠳᠤ᠂ ᠬᠠᠳᠣᠨ ᠭᠤᠣᠯ ᠦᠶᠡᠷᠯᠡᠨ᠂ ᠭᠤᠤᠯ ᠤᠨ ᠬᠤᠶᠢᠳᠤ ᠲᠠᠯ᠎ᠠ ᠶᠢᠨ ᠠᠷᠠᠳ ᠨᠢ ᠨᠡᠨᠬᠦ ᠦᠨᠳᠦᠷ ᠤᠷᠤᠢ ᠦᠭᠡᠳᠡ ᠨᠡᠭᠦᠨ ᠢᠷᠡᠭᠰᠡᠨ ᠤᠴᠢᠷ ᠠᠴᠠ ᠢᠩᠬᠡᠵᠦ ᠨᠡᠷᠡᠶᠢᠳᠴᠡᠢ᠃         ᠯᠢᠦ ᠽᠢ ᠭᠧ ᠳ᠋ᠠᠨ ᠳᠤᠰᠬᠤᠨ ᠤ ᠠᠷᠠᠳ ᠤᠨ ᠵᠦᠪᠯᠡᠯ ︵柳子圪旦村村民委员会︶᠄  ᠠᠳᠡ ᠣᠳᠠ ᠮᠤᠳᠣ ᠶᠡᠭᠡ ᠰᠠᠶᠢᠨ ᠤᠷᠭᠤᠳᠠᠭ ᠤᠴᠢᠷ ᠠᠴᠠ ᠢᠩᠭᠡᠵᠦ ᠨᠡᠷᠡᠶᠢᠳᠴᠡᠢ᠃         ᠨᠢᠦ ᠴᠠᠩ ᠯᠢᠶᠠᠩ ᠳᠤᠰᠬᠤᠨ ᠤ ᠠᠷᠠᠳ ᠤᠨ ᠵᠦᠪᠯᠡᠯ ︵牛场梁村村民委员会︶᠄  ᠴᠢᠩ ᠤᠨ ᠦᠶ᠎ᠡ ᠳᠤ᠂ ᠠᠳᠡ ᠨᠤᠳᠤᠭ ᠪᠡᠯᠴᠢᠭᠡᠷ ᠦᠩ ᠰᠢᠮᠡᠯᠢᠭ ᠪᠠᠶᠢᠵᠦ᠂ ᠦᠭᠡᠷ ᠬᠠᠷᠢᠭᠤᠯᠬᠤ ᠳᠤ ᠳᠤᠬᠢᠷᠠᠮᠵᠢᠳᠠᠢ ᠤᠴᠢᠷ ᠠᠴᠠ ᠢᠩᠭᠡᠵᠦ ᠨᠡᠷᠡᠶᠢᠳᠴᠡᠢ᠃        ᠡᠤ ᠳ᠋ᠠ ᠼᠠᠩ ᠳᠤᠰᠬᠤᠨ ᠤ ᠠᠷᠠᠳ ᠤᠨ ᠵᠦᠪᠯᠡᠯ ︵武大仓村村民委员会︶᠄ 1937 ᠤᠨ ᠠᠴᠠ ᠡᠮᠦᠨ᠎ᠡ᠂ ᠠᠳᠡ “ᠡᠤ ᠳ᠋ᠠ ᠼᠠᠩ” ᠭᠡᠳᠡᠭ ᠬᠦᠮᠦᠨ ᠨᠤᠳᠤᠭᠰᠢᠨ ᠰᠠᠭᠤᠵᠦ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃         ᠶᠤᠸᠠᠨ ᠪᠤᠤ ᠸᠠᠨ ᠳᠤᠰᠬᠤᠨ ᠤ ᠠᠷᠠᠳ ᠤᠨ ᠵᠦᠪᠯᠡᠯ ︵元宝湾村村民委员会︶  ᠠᠳᠡᠬᠢ ᠭᠠᠵᠠᠷ ᠤᠨ ᠬᠡᠯᠪᠡᠷᠢ ᠳᠦᠷᠰᠦ ᠨᠢ ᠶᠠᠭ ᠯᠡ ᠶᠤᠸᠠᠮᠪᠤᠤ ᠮᠡᠳᠦ ᠪᠤᠯᠬᠤᠷ‌ᠢᠩᠭᠡᠵᠦ ᠨᠡᠷᠡᠶᠢᠳᠴᠡᠢ᠃         ᠬᠠᠯᠠᠭᠠᠢ ᠳᠤᠰᠬᠤᠨ ᠤ ᠠᠷᠠᠳ ᠤᠨ ᠵᠦᠪᠯᠡᠯ ︵哈拉亥村村民委员会︶᠄ ᠠᠳᠡ ᠬᠠᠯᠠᠭᠠᠢ ᠡᠪᠡᠰᠦ ᠤᠷᠭᠤᠳᠠᠭ ᠪᠤᠯᠬᠤᠷ ᠢᠩᠭᠡᠵᠦ ᠨᠡᠷᠡᠶᠢᠳᠴᠡᠢ᠃         ᠬᠤᠰᠤᠳᠤ ᠳᠤᠰᠬᠤᠨ ᠤ ᠠᠷᠠᠳ ᠤᠨ ᠵᠦᠪᠯᠡᠯ ︵呼斯图村村民委员会︶᠄ ᠬᠤᠰᠤ ᠭᠡᠳᠡᠭ ᠪᠤᠯ ᠨᠢᠭᠡ ᠵᠦᠢᠯ ᠤᠨ ᠨᠠᠷᠠᠰᠤᠨ ᠮᠤᠳᠤ᠂ ᠠᠳᠡ ᠡᠨᠡᠬᠦ ᠨᠠᠷᠠᠰᠤᠨ ᠮᠤᠳᠤ ᠶᠡᠭᠡ ᠰᠠᠶᠢᠨ ᠤᠷᠭᠤᠳᠠᠭ ᠪᠤᠯᠬᠤᠷ ᠢᠩᠭᠡᠵᠦ ᠨᠡᠷᠡᠶᠢᠳᠴᠡᠢ᠃         ᠠᠰᠠᠷ ᠤᠨ ᠭᠤᠤᠯ ᠳᠤᠰᠬᠤᠨ ᠤ ᠠᠷᠠᠳ ᠤᠨ ᠵᠦᠪᠯᠡᠯ ︵耳字沟村村民委员会︶ ᠠᠳᠡ ᠨᠢᠭᠡᠨ ᠵᠢᠵᠢᠭᠬᠡᠨ ᠠᠭᠤᠯᠠ ᠨᠢ ᠶᠠᠭ ᠯᠡ‌ᠠᠰᠠᠷ ᠳᠠᠭᠳᠤ ᠬᠡᠯᠪᠡᠷᠢ ᠲᠠᠢ ᠪᠠᠶᠢᠳᠠᠭ ᠤᠴᠢᠷ ᠠᠴᠠ ᠢᠩᠭᠡᠵᠦ ᠨᠡᠷᠡᠶᠢᠳᠴᠡᠢ᠃         ᠴᠠ ᠶᠤᠤ ᠭᠸᠦ ᠳᠣᠰᠬᠤᠨ ᠤ ᠠᠷᠠᠳ ᠤᠨ ᠵᠦᠪᠯᠡᠯ ︵茶窑沟村村民委员会︶᠄ ᠴᠠ ᠶᠤᠤ ᠭᠸᠦ —1935 ᠤᠨ ᠤᠨ ᠦᠶ᠎ᠡ ᠳᠤ ᠨᠢᠭᠡ ᠬᠤᠳᠤᠩ ᠬᠦᠮᠦᠨ ᠠᠳᠡᠬᠢ ᠨᠦᠬᠡᠨ ᠭᠤᠤ ᠳᠤ ᠴᠠᠢ ᠬᠤᠳᠠᠯᠳᠤᠵᠦ ᠪᠠᠶᠢᠭᠰᠠᠨ ᠪᠤᠯᠬᠤᠷ ᠢᠩᠬᠡᠵᠦ ᠨᠡᠷᠡᠶᠢᠳᠴᠡᠢ᠃         ᠬᠤᠸᠠ ᠮᠤᠬᠤᠷ ᠳᠤᠰᠬᠤᠨ ᠤ ᠠᠷᠠᠳ ᠤᠨ ᠵᠦᠪᠯᠡᠯ ︵黄母哈日村村民委员会︶᠄ ᠳᠤᠪᠤᠴᠠᠭ ᠤᠨ ᠮᠤᠬᠤᠷ ᠭᠡᠰᠡᠨ ᠤᠳᠬ᠎ᠠ ᠲᠠᠢ᠂ ᠪᠠᠶᠢᠭᠠᠯᠢ ᠶᠢᠨ ᠭᠠᠵᠠᠷ ᠤᠨ ᠪᠠᠶᠢᠴᠠ ᠪᠠᠷ ᠨᠢ ᠨᠡᠷᠡᠶᠢᠳᠪᠠ᠃         ᠴᠠᠭᠠᠨ ᠭᠤᠤᠯ ᠳᠤᠰᠬᠤᠨ ᠤ ᠠᠷᠠᠳ ᠤᠨ ᠵᠦᠪᠯᠡᠯ ︵查干沟村村民委员会︶ ᠄  ᠭᠤᠤ ᠶᠢᠨ ᠬᠦᠷᠦᠰᠦᠨ ᠤ ᠴᠢᠨᠡᠷ ᠢᠶᠠᠷ ᠨᠡᠷᠡᠶᠢᠳᠴᠡᠢ᠃          ᠪᠤᠯᠤ ᠶᠢᠨ ᠰᠢᠯᠢ ᠳᠤᠰᠬᠤᠨ ᠤ ᠠᠷᠠᠳ ᠤᠨ ᠵᠦᠪᠯᠡᠯ ︵补碌梁村村民委员会︶ ᠠᠳᠡᠬᠢ ᠭᠠᠵᠠᠷ ᠨᠤᠳᠤᠭ ᠨᠢ ᠪᠤᠯᠤ ᠬᠡᠯᠪᠡᠷᠢ ᠲᠠᠢ ᠠᠭᠤᠯᠠᠨ ᠬᠦᠪᠴᠢ ᠠᠳᠠᠯᠢ ᠪᠠᠶᠢᠳᠠᠭ ᠪᠤᠯᠬᠤᠷ ᠢᠩᠬᠡᠵᠦ ᠨᠡᠷᠡᠶᠢᠳᠴᠡᠢ᠃          ᠪᠸᠢ ᠬᠠᠢ ᠳᠤᠰᠬᠤᠨ ᠤ ᠠᠷᠠᠳ ᠤᠨ ᠵᠦᠪᠯᠡᠯ ︵北海村村民委员会︶᠄  ᠬᠠᠳᠤᠨ ᠭᠤᠤᠯ ᠦᠶᠡᠷᠯᠡᠨ ᠠᠳᠡ ᠨᠢᠭᠡᠨ ᠨᠠᠭᠤᠷ ᠪᠤᠢ ᠪᠤᠯᠤᠭᠰᠠᠨ‌ᠡᠴᠠ ᠢᠩᠭᠡᠵᠦ ᠨᠡᠷᠡᠶᠢᠳᠴᠡᠢ᠃
ᠢᠷᠡᠯᠲᠡ᠄ 《 ᠳᠠᠯᠠᠳ ᠬᠤᠰᠢᠭᠤᠨ ᠤ ᠭᠠᠵᠠᠷ ᠤᠨ ᠨᠡᠷᠡᠰ ᠤᠨ ᠰᠤᠶᠤᠯ》 ᠭᠡᠬᠦ ᠨᠤᠮ‌ᠡᠴᠠ ᠤᠷᠴᠢᠭᠤᠯᠤᠨ ᠪᠠᠭᠤᠯᠭᠠᠪᠠ᠃