ᠵᠤᠤ ᠵᠢᠶᠦ᠋ᠨ ᠪᠠᠯᠭᠠᠰᠤᠨ ᠤ ᠨᠡᠷ᠎ᠡ ᠶᠢᠨ ᠢᠷᠡᠯᠳᠡ
ᠨᠡᠶᠢᠲᠡᠯᠡᠭᠰᠡᠨ ᠴᠠᠭ᠄
2018/11/29
      ᠨᠡᠶᠢᠳᠡ ᠶᠢᠨ ᠤᠨ ᠲᠤᠭᠠᠯᠠᠯ ᠠᠴᠠ ᠡᠮᠦᠨ᠎ᠡ33 ᠤᠨ ᠳᠤ᠂ ᠸᠠᠩ ᠵᠤᠤ ᠵᠢᠶᠦ᠋ᠨ ᠡᠾᠧᠩᠨᠤ ᠳᠤ ᠮᠤᠷᠳᠠᠬᠤ  ᠳᠤ ᠪᠠᠨ ᠡᠨᠡᠭᠦᠷ ᠦᠩᠭᠡᠷᠡᠵᠦ᠂ ᠤᠷᠳᠤᠨ ᠪᠠᠶᠢᠭᠤᠯᠤᠭᠰᠠᠨ ᠠᠴᠠ ᠢᠩᠭᠡᠵᠦ ᠨᠡᠷᠡᠶᠢᠳᠴᠡᠢ᠃       ᠴᠠᠶᠢᠳᠠᠮ ᠭᠠᠴᠠᠭ᠎ᠠ ᠶᠢᠨ ᠠᠷᠠᠳ ᠤᠨ ᠵᠦᠪᠯᠡᠯ  ︵柴登嘎查委员会︶᠄ ᠠᠳᠡᠬᠢ ᠭᠠᠵᠠᠷ ᠨᠤᠳᠤᠭ ᠦᠷᠭᠡᠨ ᠠᠭᠤᠳᠠᠮ᠂ ᠳᠠᠷᠡᠰᠤ ᠰᠠᠶᠢᠨ ᠤᠷᠭᠤᠵᠦ᠂ ᠡᠪᠦᠯ ᠤᠨ ᠤᠯᠠᠷᠢᠯ ᠪᠤᠯᠤᠭᠰᠠᠭᠠᠷ ᠳᠡᠷᠡᠰᠦ ᠶᠡᠬᠡᠪᠡᠷ ᠴᠠᠶᠢᠷᠠᠨ ᠬᠠᠯᠢᠭᠤᠷᠠᠳᠠᠭ ᠠᠴᠠ ᠢᠩᠭᠡᠵᠦ ᠨᠡᠷᠡᠶᠢᠳᠴᠡᠢ᠃     ᠮᠦᠩᠭᠡ ᠭᠠᠴᠠᠭ᠎ᠠ ᠶᠢᠨ ᠠᠷᠠᠳ ᠤᠨ ᠵᠦᠪᠯᠡᠯ ︵门肯嘎查委员会︶᠄ ᠤᠤᠯ ᠳᠠᠭᠠᠨ ᠠᠳᠡ ᠮᠦᠩᠭᠡ ᠭᠡᠰᠡᠨ ᠨᠡᠷ᠎ᠡ ᠲᠠᠢ ᠬᠦᠮᠦᠨ ᠨᠤᠳᠤᠭᠰᠢᠵᠦ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃     ᠪᠠᠶᠠᠰᠬᠤᠯᠠᠩ ᠭᠠᠴᠠᠭ᠎ᠠ ᠶᠢᠨ ᠠᠷᠠᠳ ᠤᠨ ᠵᠦᠪᠯᠡᠯ ︵巴彦斯古楞嘎查委员会︶ ᠪᠠᠶᠠᠰᠬᠤᠯᠠᠩ ᠭᠡᠰᠡᠨ ᠦᠷᠡᠭᠳᠡᠭᠰᠡᠨ ᠪᠠᠭᠠᠳᠤᠷ ᠢ ᠳᠤᠷᠠᠰᠬᠠᠬᠤ ᠶᠢᠨ ᠲᠦᠯᠦᠭᠡ ᠢᠩᠭᠡᠵᠦ ᠨᠡᠷᠡᠶᠢᠳᠴᠡᠢ᠃     ᠰᠠᠶᠢᠨ ᠤᠰᠤ ᠳᠤᠰᠬᠤᠨ ᠤ ᠠᠷᠠᠳ ᠤᠨ ᠵᠦᠪᠯᠡᠯ ︵赛乌素村村民委员会︶᠄ ᠠᠳᠡᠬᠢ ᠤᠰᠤ ᠨᠢ ᠳᠤᠩᠭᠠᠯᠠᠭ ᠰᠠᠶᠢᠬᠠᠨ ᠪᠠᠶᠢᠳᠠᠭ ᠠᠴᠠ ᠢᠩᠭᠡᠵᠦ ᠨᠡᠷᠡᠶᠢᠳᠴᠡᠢ᠃      ᠰᠢᠪᠠᠭᠳᠤ ᠳᠤᠰᠬᠤᠨ ᠤ ᠠᠷᠠᠳ ᠤᠨ ᠵᠦᠪᠯᠡᠯ ︵石巴格图村村民委员会︶᠄ ᠴᠢᠩ ᠤᠨ ᠰᠡᠭᠦᠯᠴᠢ ᠶᠢᠨ ᠦᠶ᠎ᠡ ᠳᠤ᠂ ᠠᠳᠡ ᠰᠢᠪᠠᠭ ᠰᠠᠶᠢᠨ ᠤᠷᠭᠤᠳᠠᠭ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃      ᠴᠠᠭᠠᠨ ᠭᠤᠤᠯ ᠳᠤᠰᠬᠤᠨ ᠤ ᠠᠷᠠᠳ ᠤᠨ ᠵᠦᠪᠯᠡᠯ ︵查干沟村村民委员会︶᠄ ᠠᠳᠡᠬᠢ ᠭᠠᠵᠠᠷ ᠤᠨ ᠬᠦᠷᠦᠰᠦ ᠨᠢ ᠴᠠᠶᠢᠪᠤᠷ ᠦᠩᠭᠡ ᠲᠠᠢ ᠪᠤᠯᠬᠤᠷ ᠢᠩᠭᠡᠵᠦ ᠨᠡᠷᠡᠶᠢᠳᠴᠡᠢ᠃      ᠭᠤᠤ ᠲᠸᠦ ᠶᠤᠤ ᠳᠤᠰᠬᠤᠨ ᠤ ᠠᠷᠠᠳ ᠤᠨ ᠵᠦᠪᠯᠡᠯ ︵高头窑村村民委员会︶᠄ ᠴᠢᠩ ᠤᠨ ᠰᠡᠭᠦᠯᠴᠢ ᠶᠢᠨ ᠦᠶ᠎ᠡ ᠳᠤ᠂ ᠠᠳᠡ ᠨᠢᠭᠡᠨ ᠭᠤᠤ ᠤᠪᠤᠭᠳᠤ ᠬᠦᠮᠦᠨ ᠠᠷᠠᠳ ᠤᠯᠠᠨ ᠢ ᠡᠯᠰᠡᠵᠦ ᠠᠭᠤᠷᠬᠠᠢ ᠨᠡᠭᠡᠭᠡᠨ ᠨᠡᠭᠦᠷᠡᠰᠦ ᠮᠠᠯᠳᠠᠵᠦ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃      ᠪᠠᠢ ᠵᠢᠶᠠ ᠲᠠ ᠳᠤᠰᠬᠤᠨ ᠤ ᠠᠷᠠᠳ ᠤᠨ ᠵᠦᠪᠯᠡᠯ ︵白家塔村村民委员会︶᠄ 1925 ᠤᠨ ᠤ ᠦᠶ᠎ᠡ ᠳᠤ᠂ ᠠᠳᠡ ᠪᠠᠢ ᠤᠪᠤᠭᠳᠤ ᠠᠶᠢᠯ ᠨᠤᠳᠤᠭᠰᠢᠨ ᠰᠠᠭᠤᠵᠦ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃       ᠡᠦ ᠰᠧ ᠭᠧ ᠳ᠋ᠦ᠋ ᠳᠤᠰᠬᠤᠨ ᠤ ᠠᠷᠠᠳ ᠤᠨ ᠵᠦᠪᠯᠡᠯ ︵吴四圪堵村村民委员会︶᠄ 1930 ᠤᠨ ᠤ ᠦᠶ᠎ᠡ ᠳᠤ᠂ ᠠᠳᠡ ᠡᠦ ᠰᠾᠢ ᠭᠡᠰᠡᠨ ᠨᠡᠷ᠎ᠡ ᠲᠠᠢ ᠬᠦᠮᠦᠨ ᠨᠤᠳᠤᠭᠰᠢᠨ ᠰᠠᠭᠤᠵᠦ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃        ᠱᠠ ᠬᠤᠤ ᠳᠤᠰᠬᠤᠨ ᠤ ᠠᠷᠠᠳ ᠤᠨ ᠵᠦᠪᠯᠡᠯ ︵沙壕村村民委员会︶᠄ ᠴᠢᠩ  ᠤᠨ ᠦᠶ᠎ᠡ ᠳᠤ᠂ ᠠᠳᠡᠬᠢ ᠭᠠᠵᠠᠷ ᠨᠢ ᠭᠤᠤᠯ ᠤᠨ ᠭᠤᠯᠳᠤᠷᠢᠯ ᠪᠠᠶᠢᠵᠠᠢ᠂  ᠭᠤᠤᠯ ᠤᠨ ᠭᠤᠯᠳᠤᠷᠢᠯ ᠪᠤᠯ ᠳᠠᠷᠤᠢ ᠡᠯᠡᠰᠦᠨ ᠭᠠᠵᠠᠷ ᠪᠤᠯᠬᠤᠷ ᠢᠩᠭᠡᠵᠦ ᠨᠡᠷᠡᠶᠢᠳᠴᠡᠢ᠃       ᠯᠢᠦ ᠳ᠋ᠠ ᠭᠧ ᠳ᠋ᠦ᠋ ᠳᠤᠰᠬᠤᠨ ᠤ ᠠᠷᠠᠳ ᠤᠨ ᠵᠦᠪᠯᠡᠯ ︵刘大圪堵村村民委员会︶᠄ ᠮᠢᠩ ᠤᠯᠤᠰ ᠤᠨ ᠡᠬᠢᠨ ᠤ ᠦᠶ᠎ᠡ ᠳᠤ᠂ ᠯᠢᠦ ᠳ᠋ᠠ ᠭᠡᠳᠡᠭ ᠨᠡᠷ᠎ᠡ ᠲᠠᠢ ᠬᠦᠮᠦᠨ ᠠᠳᠡ ᠠᠳᠠᠷ ᠬᠠᠭᠠᠯᠪᠤᠷᠢᠯᠠᠨ ᠭᠠᠵᠠᠷ ᠲᠠᠷᠢᠵᠦ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃        ᠰᠾᠢ ᠼᠦᠨ ᠳᠤᠰᠬᠤᠨ ᠤ ᠠᠷᠠᠳ ᠤᠨ ᠵᠦᠪᠯᠡᠯ ︵四村村民委员会︶᠄ ᠴᠢᠯᠦᠭᠡᠯᠡᠬᠦ  ᠠᠴᠠ ᠡᠮᠦᠨ᠎ᠡ᠂ ᠠᠳᠡᠬᠢ ᠭᠠᠵᠠᠷ ᠨᠤᠳᠤᠭ ᠨᠢ ᠪᠤᠭᠤᠳᠤ ᠬᠤᠳᠠᠨ ᠳᠤ ᠬᠠᠷᠢᠶᠠᠯᠠᠭᠳᠠᠵᠦ᠂ ᠳᠤᠬᠠᠢ ᠶᠢᠨ ᠦᠶ᠎ᠡ ᠳᠤ ᠳᠦᠷᠪᠡᠨ ᠳᠤᠰᠬᠤᠨ ᠪᠠᠶᠢᠵᠦ᠂ ᠳᠤᠰ ᠳᠤᠰᠬᠤᠨ ᠨᠢ ᠳᠦᠷᠪᠡᠳᠦᠭᠡᠷ ᠳᠤᠰᠬᠤᠨ ᠪᠤᠯᠬᠤᠷ ᠢᠩᠭᠡᠵᠦ ᠨᠡᠷᠡᠶᠢᠳᠴᠡᠢ᠃        ᠡᠾᠸᠦ ᠵᠢᠶᠠ ᠭᠧ ᠳ᠋ᠦ᠋ ᠳᠤᠰᠬᠤᠨ ᠤ ᠠᠷᠠᠳ ᠤᠨ ᠵᠦᠪᠯᠡᠯ ︵侯家圪堵村村民委员会︶᠄ ᠮᠢᠩ ᠤᠯᠤᠰ ᠤᠨ ᠡᠬᠢᠨ ᠤ ᠦᠶ᠎ᠡ ᠳᠤ᠂ ᠡᠾᠸᠦ ᠤᠪᠤᠭᠳᠤ ᠠᠶᠢᠯ ᠠᠳᠡ ᠨᠤᠳᠤᠭᠰᠢᠨ‌‍ᠰᠠᠭᠤᠵᠦ ᠲᠠᠷᠢᠶ᠎ᠠ ᠲᠠᠷᠢᠵᠦ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃       ᠱᠠ ᠭᠧ ᠳ᠋ᠦ᠋ ᠳᠤᠰᠬᠤᠨ ᠤ ᠠᠷᠠᠳ ᠤᠨ ᠵᠦᠪᠯᠡᠯ ︵沙圪堵村村民委员会︶᠄  ᠴᠢᠩ ᠤᠨ ᠰᠡᠭᠦᠯᠴᠢ ᠪᠠᠷ᠂ ᠰᠢ ᠯᠢᠦ ᠭᠸᠦ ᠤᠨ ᠳᠤᠤᠷᠠᠳᠤ ᠤᠷᠤᠰᠬᠠᠯ ᠨᠢ ᠬᠠᠳᠤᠨ ᠭᠤᠤᠯ ᠤᠷᠤᠭᠤ ᠴᠢᠳᠬᠤᠬᠤ ᠳᠤ ᠪᠠᠨ ᠡᠯᠡᠰᠦ ᠰᠢᠷᠤᠢ ᠪᠤᠯᠤᠨ ᠲᠤᠨᠤᠭᠰᠠᠨ ᠪᠤᠯᠬᠤᠷ ᠢᠩᠭᠡᠵᠦ ᠨᠡᠷᠡᠶᠢᠳᠴᠡᠢ᠃       ᠡᠯ ᠭᠸᠦ ᠸᠠᠨ ᠳᠤᠰᠬᠤᠨ ᠤ ᠠᠷᠠᠳ ᠤᠨ ᠵᠦᠪᠯᠡᠯ ︵二沟湾村村民委员会︶᠄ ᠯᠢ ᠡᠯ ᠭᠸᠦ ᠭᠡᠬᠦ ᠰᠠᠭᠤᠭ᠎ᠠ ᠠᠶᠢᠯ ᠤᠨ ᠨᠡᠷ᠎ᠡ ᠪᠠᠷ ᠨᠡᠷᠡᠶᠢᠳᠪᠡ᠃       ᠡᠾᠧ ᠱᠧᠩ ᠳᠤᠰᠬᠤᠨ ᠤ ᠠᠷᠠᠳ ᠤᠨ ᠵᠦᠪᠯᠡᠯ ︵和胜村村民委员会︶᠄ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ᠂ ᠨᠡᠷ᠎ᠡ ᠪᠠᠨ ᠡᠾᠧ ᠱᠧᠩ ᠳᠤᠰᠬᠤᠨ ᠭᠡᠵᠦ ᠦᠭᠡᠷᠡᠴᠢᠯᠡᠪᠡ᠃       ᠶᠠᠩ ᠴᠠᠩ ᠳᠤᠰᠬᠤᠨ ᠤ ᠠᠷᠠᠳ ᠤᠨ ᠵᠦᠪᠯᠡᠯ ︵羊场村村民委员会︶᠄ ᠴᠢᠩ‌ᠤᠯᠤᠰ ᠤᠨ ᠦᠶ᠎ᠡ ᠳᠤ᠂ ᠠᠳᠡ ᠮᠠᠯᠵᠢᠬᠤ ᠤᠷᠤᠨ ᠪᠠᠶᠢᠵᠦ᠂ ᠮᠠᠯ ᠠᠷᠪᠢᠨ ᠮᠠᠯᠵᠢᠳᠠᠭ ᠠᠴᠠ ᠢᠩᠭᠡᠵᠦ ᠨᠡᠷᠡᠶᠢᠳᠴᠡᠢ᠃         ᠡᠯ ᠯᠦᠸᠧ ᠭᠧ ᠳ᠋ᠦ᠋ ᠳᠤᠰᠬᠤᠨ ᠤ ᠠᠷᠠᠳ ᠤᠨ ᠵᠦᠪᠯᠡᠯ ︵二罗圪堵村村民委员会︶᠄ ᠮᠢᠩ ᠤᠯᠤᠰ ‍ᠤᠨ‌ᠡᠬᠢᠨ ᠤ ᠦᠶ᠎ᠡ ᠳᠤ᠂ ᠸᠠᠩ ᠡᠯ ᠯᠦᠸᠧ ᠠᠳᠡ ᠨᠤᠳᠤᠭᠰᠢᠨ ᠰᠠᠭᠤᠵᠦ ᠲᠠᠷᠢᠶ᠎ᠠ ᠲᠠᠷᠢᠵᠦ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃
ᠢᠷᠡᠯᠲᠡ᠄ 《 ᠳᠠᠯᠠᠳ ᠬᠤᠰᠢᠭᠤᠨ ᠤ ᠭᠠᠵᠠᠷ ᠤᠨ ᠨᠡᠷᠡᠰ ᠤᠨ ᠰᠤᠶᠤᠯ》 ᠭᠡᠬᠦ ᠨᠤᠮ‌ᠡᠴᠠ ᠤᠷᠴᠢᠭᠤᠯᠤᠨ ᠪᠠᠭᠤᠯᠭᠠᠪᠠ᠃