ᠤᠷᠳᠤᠰ ᠤᠨ ᠤᠪᠤᠭᠠᠨ ᠰᠤᠶᠤᠯ ᠤᠨ ᠲᠤᠬᠠᠢ
ᠨᠡᠶᠢᠲᠡᠯᠡᠭᠰᠡᠨ ᠴᠠᠭ᠄
2018/11/9
       ᠮᠠᠨ ᠤ ᠤᠷᠳᠤᠰ ᠨᠤᠳᠤᠭ ᠲᠤ ᠲᠤᠪᠤ ᠲᠤᠯᠤᠭᠠᠢ ᠵᠡᠷᠭᠡ ᠦᠨᠳᠦᠷᠭᠡᠨ ᠭᠠᠵᠠᠷ ᠳᠡᠭᠡᠷ᠎ᠡ ᠬᠠᠳᠠ ᠴᠢᠯᠠᠭᠤ ᠤᠪᠤᠭᠠᠯᠠᠵᠦ᠂ ᠲᠤᠭᠤᠰᠬ᠎ᠠ ᠦᠷᠦᠬᠦ᠂ ᠮᠤᠳᠤ ᠪᠤᠷᠭᠠᠰᠦ ᠪᠤᠰᠬᠠᠬᠤ ᠵᠡᠷᠭᠡ ᠠᠷᠭ᠎ᠠ ᠪᠠᠷ ᠬᠢᠭᠰᠡᠨ ᠤᠪᠤᠭ᠎ᠠ ᠤᠯᠠᠨ ᠪᠠᠶᠢᠳᠠᠭ᠃ ᠴᠤᠬᠤᠮ ᠶᠠᠮᠠᠷ ᠪᠠᠶᠢᠳᠠᠯ ᠲᠤᠤᠷ᠎ᠠ ᠬᠡᠷᠬᠢᠨ ᠡᠭᠦᠰᠴᠦ ᠬᠦᠭᠵᠢᠭᠰᠡᠨ ᠲᠤᠬᠠᠢ ᠰᠢᠨᠵᠢᠯᠡᠪᠡᠯ᠂  ᠮᠣᠩᠭᠤᠯᠴᠤᠳ13 ᠳ᠋ᠤᠭᠠᠷ ᠵᠠᠭᠤᠨ ᠤ ᠰᠡᠭᠦᠯᠴᠢ ᠠᠴᠠ ᠡᠬᠢᠯᠡᠨ ᠲᠦᠪᠡᠳ ᠤᠨ ᠯᠠᠮᠠ ᠶᠢᠨ ᠱᠠᠰᠢᠨ ᠤ ᠰᠡᠰᠬᠢᠶ᠎ᠡ ᠪᠦᠯᠦᠭ ᠤᠨ ᠤᠯᠠᠭᠠᠨ ᠤ ᠱᠠᠰᠢᠨ ᠢ ᠰᠢᠳᠤᠵᠦ ᠡᠬᠢᠯᠡᠭᠰᠡᠨ ᠪᠦᠭᠡᠳ16 ᠳ᠋ᠤᠭᠠᠷ ᠵᠠᠭᠤᠨ ᠤ ᠰᠡᠭᠦᠯᠴᠢ ᠠᠴᠠ ᠡᠬᠢᠯᠡᠨ ᠯᠠᠮᠠ ᠶᠢᠨ ᠱᠠᠰᠢᠨ ᠤ ᠬᠡᠯᠤᠭ᠌ ᠪᠦᠯᠦᠭ ᠤᠨ ᠰᠢᠷ᠎ᠡ ᠶᠢᠨ ᠱᠠᠰᠢᠨ ᠢ ᠰᠢᠳᠦᠬᠦ ᠪᠤᠯᠵᠠᠢ᠃ ᠢᠩᠬᠢᠭᠰᠡᠨ ᠠᠴᠠ ᠮᠠᠨ ᠤ ᠨᠤᠳᠤᠭ ᠲᠤ ᠴᠤ ᠰᠢᠷ᠎ᠠ ᠶᠢᠨ ᠱᠠᠰᠢᠨ ᠳᠡᠯᠭᠡᠷᠡᠬᠦ ᠶᠢ ᠳᠠᠭᠠᠯᠳᠤᠨ ᠤᠯᠠᠨ ᠵᠦᠢᠯ ᠤᠨ ᠪᠤᠷᠬᠠᠨ ᠤ ᠨᠡᠷ᠎ᠡ ᠭᠠᠷᠴᠤ ᠢᠷᠡᠵᠡᠢ᠃ ᠡᠨᠡ ᠬᠦ ᠰᠢᠷ᠎ᠠ ᠶᠢᠨ ᠱᠠᠰᠢᠨ ᠤ ᠤᠬᠠᠭᠤᠯᠤᠯ ᠢ ᠦᠢ ᠤᠯᠠᠨ ᠠᠷᠠᠳ ᠢᠷᠭᠡᠳ ᠦᠨᠡᠨ ᠰᠡᠳᠭᠢᠯ ᠠᠴᠠ ᠪᠠᠨ ᠪᠢᠰᠢᠷᠡᠵᠦ ᠬᠡᠢ ᠬᠤᠭᠤᠰᠤᠨ ᠪᠤᠷᠬᠠᠨ ᠤ ᠨᠡᠷᠡᠰ ᠢ ᠰᠦᠰᠦᠭᠯᠡᠨ ᠳᠠᠬᠢᠬᠤ ᠪᠤᠯᠤᠭᠰᠠᠨ ᠪᠦᠭᠡᠳ ᠳᠡᠳᠡᠭᠡᠷ ᠪᠤᠷᠬᠠᠳ ᠤᠨ ᠬᠦᠷᠦᠭ ᠳᠦᠷᠰᠦ ᠶᠢ ᠴᠠᠭᠠᠰᠤ ᠪᠠ ᠪᠦᠰ ᠳᠡᠭᠡᠷ᠎ᠡ ᠵᠢᠷᠤᠬᠤ ᠪᠤᠶᠤ ᠰᠢᠪᠡᠷ᠂ ᠭᠠᠦᠯᠢ᠂ ᠵᠡᠰ ᠵᠡᠷᠭᠡ ᠪᠠᠷ ᠤᠷᠠᠯᠠᠨ ᠵᠠᠰᠠᠬᠤ ᠠᠷᠭ᠎ᠠ ᠪᠠᠷ ᠠᠯᠢ ᠨᠢᠭᠡᠨ ᠪᠤᠷᠬᠠᠨ ᠤ ᠬᠦᠷᠦᠭ ᠢ ᠭᠡᠷ ᠲᠡᠭᠡᠨ ᠳᠠᠬᠢᠳᠠᠭ᠃ ᠡᠭᠦᠨ ᠳᠤ ᠵᠠᠷᠢᠮ ᠳᠤᠭᠰᠢᠨ ᠪᠤᠷᠬᠠᠨ ᠤ ᠬᠦᠷᠦᠭ ᠢ ᠶᠡᠷᠦ ᠶᠢᠨ ᠠᠶᠢᠯ ᠡᠷᠦᠬᠡ ᠳᠤ ᠳᠠᠬᠢᠬᠤ ᠵᠤᠬᠢᠰ ᠦᠭᠡᠢ ᠲᠤᠯᠠ ᠳᠡᠭᠦᠨ ᠳᠤ ᠬᠤᠪᠢ ᠴᠡᠭ ᠲᠤ ᠨᠢ ᠭᠡᠷ ᠪᠠᠶᠢᠰᠢᠩ ᠪᠠᠷᠢᠵᠦ᠂ ᠳᠤᠰᠬᠠᠢ ᠳᠠᠬᠢᠵᠦ ᠪᠠᠶᠢᠵᠠᠢ᠃ ᠡᠨᠡ ᠨᠢ ᠬᠦᠭᠵᠢᠭᠰᠡᠭᠡᠷ ᠡᠴᠦᠰ  ᠲᠡᠭᠡᠨ ᠰᠦᠮ᠎ᠡ ᠬᠡᠶᠢᠳ ᠪᠤᠯᠵᠦ ᠬᠤᠪᠢᠷᠠᠭᠰᠠᠨ ᠶᠤᠮ᠃ ᠪᠠᠰᠠ ᠵᠠᠷᠢᠮ ᠢ ᠨᠢ ᠤᠷᠤᠨ ᠭᠡᠷ ᠪᠡᠯᠡᠳᠬᠡᠬᠦ ᠦᠭᠡᠢ ᠠᠳᠠᠷ ᠭᠠᠵᠠᠷ ᠤᠨ ᠦᠨᠳᠦᠷ ᠳᠤᠪᠤ ᠳᠤ ᠳᠡᠳᠡᠭᠡᠷ ᠳᠤᠭᠰᠢᠨ ᠪᠤᠷᠬᠠᠳ ᠢ ᠳᠠᠬᠢᠬᠤ ᠳᠤ ᠪᠠᠨ ᠱᠠᠩ ᠳᠠᠷᠣᠬᠤ᠂ ᠤᠪᠤᠭ᠎ᠠ ᠪᠤᠰᠬᠠᠨ ᠳᠠᠬᠢᠳᠠᠭ ᠲᠤᠯᠠ ᠤᠪᠤᠭ᠎ᠠ ᠪᠤᠯᠤᠨ ᠬᠦᠭᠵᠢᠭᠰᠡᠨ ᠪᠠᠶᠢᠳᠠᠭ᠃ ᠡᠨᠡ ᠪᠤᠯ ᠤᠪᠤᠭᠠᠨ ᠤ ᠡᠭᠦᠰᠦᠯ ᠭᠡᠵᠦ ᠪᠢ ᠦᠵᠡᠵᠦ ᠪᠠᠶᠢᠨ᠎ᠠ᠃ ᠠᠳᠡ ᠳᠤᠷᠠᠳᠴᠤ ᠪᠠᠶᠢᠭ᠎ᠠ ᠱᠠᠩ ᠳᠠᠷᠤᠬᠤ ᠨᠢ ᠮᠠᠰᠢ ᠤᠯᠠᠨ ᠦᠯᠢᠭᠡᠷ ᠲᠤᠮᠤᠭ ᠲᠠᠢ ᠪᠠᠶᠢᠳᠠᠭ᠃ ᠦᠤᠰᠢᠨ ᠬᠤᠰᠢᠭᠤᠨ ᠤ《 ᠳᠡᠯᠭᠡᠷ ᠬᠤᠷᠠᠬᠤ ᠶᠢᠨ ᠤᠪᠤᠭ᠎ᠠ》 ᠶᠢ ᠪᠤᠰᠬᠠᠬᠤ ᠳᠤ ᠳᠠᠷᠤᠭᠰᠠᠨ ᠱᠠᠩ  ᠨᠢ ᠬᠠᠷ᠎ᠠ ᠬᠠᠯᠳᠠᠷ ᠬᠦᠮᠦᠨ ᠢ ᠬᠠᠷ᠎ᠠ ᠮᠤᠷᠢ ᠤᠨᠤᠭᠤᠯᠵᠦ᠂ ᠭᠠᠵᠠᠷ ᠲᠤᠤᠷ᠎ᠠ ᠨᠦᠬᠦᠨ ᠭᠡᠷ ᠪᠠᠷᠢᠭᠠᠳ ᠳᠠᠷᠤᠵᠦ ᠲᠠᠯᠪᠢᠭᠰᠠᠨ ᠭᠡᠳᠡᠭ᠂ ᠡᠨᠡ ᠦᠶᠡᠰ ᠬᠦᠮᠦᠨ ᠨᠢ ᠬᠡᠳᠦ ᠬᠤᠨᠤᠭ ᠳᠠᠭᠤᠯᠠᠵᠦ᠂ ᠮᠤᠷᠢ ᠨᠢ ᠬᠡᠳᠦ ᠬᠤᠨᠤᠭ ᠢᠨᠴᠠᠭᠠᠭᠠᠳ ᠴᠢᠮᠡᠭᠡ ᠰᠤᠷᠠᠭ ᠦᠭᠡᠢ ᠪᠤᠯᠤᠭᠰᠠᠨ ᠭᠡᠵᠦ ᠨᠤᠳᠤᠭ ᠤᠨ ᠲᠤᠮᠤᠭ ᠲᠤ ᠶᠠᠷᠢᠭᠳᠠᠳᠠᠭ᠃
ᠢᠷᠡᠯᠲᠡ᠄ ︽ᠳᠠᠯᠠᠳ ᠤᠨ ᠰᠤᠶᠤᠯ ᠲᠡᠦᠬᠡ︾ ᠭᠡᠬᠦ ᠨᠤᠮ ᠠᠴᠠ ᠪᠠᠭᠤᠯᠭᠠᠪᠠ᠃