ᠤᠷᠳᠤᠰ ᠤᠨ ᠤᠪᠤᠭᠠᠨ ᠰᠤᠶᠤᠯ ᠤᠨ ᠳᠤᠬᠠᠢ
ᠨᠡᠶᠢᠲᠡᠯᠡᠭᠰᠡᠨ ᠴᠠᠭ᠄
2018/11/9
    ᠴᠢᠯᠦᠭᠡᠯᠡᠭᠳᠡᠬᠦ ᠠᠴᠠ ᠡᠮᠦᠨ᠎ᠡ ᠤᠷᠳᠤᠰ ᠨᠤᠳᠤᠭ ᠲᠤ ᠤᠪᠤᠭ᠎ᠠ ᠮᠠᠰᠢ ᠤᠯᠠᠨ ᠪᠠᠶᠢᠵᠦ᠂ ᠳᠡᠳᠡᠭᠡᠷ ᠤᠪᠤᠭᠠᠳ  ᠢ ᠬᠤᠰᠢᠭᠤ ᠤᠪᠤᠭ᠎ᠠ᠂ ᠰᠦᠮ᠎ᠡ ᠬᠡᠶᠢᠳ ᠤᠨ ᠰᠢᠳᠦᠭᠡᠨ ᠤᠪᠤᠭ᠎ᠠ᠂ ᠶᠠᠮᠠᠷ ᠨᠢᠭᠡᠨ ᠨᠤᠳᠤᠭ ᠤᠨ ᠠᠷᠠᠳ ᠤᠨ ᠬᠠᠮᠳᠤ ᠶᠢᠨ ᠤᠪᠤᠭ᠎ᠠ᠂ ᠠᠶᠢᠯ ᠡᠷᠦᠬᠡ ᠶᠢᠨ ᠬᠤᠪᠢ ᠶᠢᠨ ᠤᠪᠤᠭ᠎ᠠ ᠭᠡᠵᠦ ᠪᠦᠷ ᠠᠰ ᠠᠰ ᠲᠠᠭᠠᠨ ᠪᠠᠶᠢᠭᠰᠠᠨ ᠶᠤᠮ ᠃ ᠭᠡᠪᠡᠴᠦ ᠤᠳᠤ ᠶᠢᠨ ᠨᠡᠶᠢᠬᠡᠮ ᠤᠨ ᠬᠦᠭᠵᠢᠯᠳᠡ ᠶᠢ ᠳᠠᠭᠠᠯᠳᠤᠨ ᠡᠨᠡ ᠬᠦ ᠵᠠᠭᠠᠭ ᠢᠯᠭᠠᠭ᠎ᠠ ᠨᠢ ᠪᠠᠭᠠᠰᠴᠤ ᠪᠤᠢ᠃     1. ᠬᠤᠰᠢᠭᠤ ᠤᠪᠤᠭ᠎ᠠ     ᠸᠠᠩ ᠨᠤᠶᠠᠨ ᠢᠶᠠᠷ ᠲᠦᠷᠦᠭᠦᠯᠡᠭᠦᠯᠦᠨ ᠬᠤᠰᠢᠭᠤ ᠨᠡᠶᠢᠳᠡ ᠪᠠᠷ ᠰᠢᠳᠦᠨ ᠳᠠᠬᠢᠳᠠᠭ ᠤᠪᠤᠭ᠎ᠠ ᠶᠢ ᠬᠡᠯᠡᠨ᠎ᠡ᠃ ᠡᠨᠡ ᠨᠢ ᠬᠤᠰᠢᠭᠤᠨ ᠤ ᠰᠢᠲᠦᠭᠡᠨ ᠪᠤᠯᠬᠤ ᠲᠤᠯᠠ ᠳᠠᠬᠢᠯᠭ᠎ᠠ ᠶᠢᠨ ᠬᠡᠷᠡᠭᠰᠡᠯ ᠢ ᠴᠦᠮ ᠬᠤᠰᠢᠭᠤᠨ ᠤ ᠠᠯᠪᠠᠨ ᠶᠠᠮᠤᠨ ᠠᠴᠠ ᠭᠠᠷᠭᠠᠵᠦ᠂ ᠬᠠᠷᠢᠭᠤᠴᠠᠬᠤ ᠬᠦᠮᠦᠨ ᠲᠠᠢ ᠳᠠᠭᠠᠭᠠᠴᠠ᠂ ᠤᠰᠤᠴᠢᠨ᠂ ᠲᠦᠯᠡᠭᠡᠴᠢᠨ᠂ ᠠᠷᠴᠠᠴᠢᠨ᠂᠂ ᠂᠂᠂ ᠵᠡᠷᠭᠡ ᠶᠢ ᠬᠤᠰᠢᠭᠤᠨ ᠤ ᠠᠷᠠᠳ ᠲᠤ ᠳᠤᠰᠬᠠᠢ ᠳᠠᠭᠠᠭᠠᠴᠢᠯᠠᠭᠤᠯᠤᠨ᠎ᠠ᠃ ᠡᠳᠡᠭᠡᠷ ᠡᠷᠦᠬᠡ ᠤᠳ ᠨᠢ ᠦᠶ᠎ᠡ ᠤᠯᠠᠷᠢᠨ ᠲᠡᠷᠡ ᠬᠦ ᠠᠯᠪᠠ ᠪᠠᠨ ᠭᠦᠢᠴᠡᠳᠬᠡᠳᠡᠭ᠃ ᠬᠤᠰᠢᠭᠤ ᠤᠪᠤᠭ᠎ᠠ ᠠᠴᠠ ᠬᠡᠳᠦ ᠶᠢ ᠳᠤᠷᠠᠳᠪᠠᠯ᠄ ᠦᠤᠰᠢᠨ ᠬᠤᠰᠢᠭᠤᠨ ᠤ《ᠳᠡᠯᠭᠡᠷ ᠬᠤᠷᠠᠬᠤ ᠶᠢᠨ ᠤᠪᠤᠭ᠎ᠠ》᠂ ᠬᠠᠩᠭᠢᠨ ᠬᠤᠰᠢᠭᠤᠨ ᠤ 《 ᠠᠯᠳᠠᠨ ᠤᠪᠤᠭ᠎ᠠ》᠂ ᠤᠳᠤᠭ ᠬᠤᠰᠢᠭᠤᠨ ᠤ《 ᠪᠤᠷᠤᠭᠤ ᠲᠤᠯᠤᠭᠠᠢ ᠶᠢᠨ ᠤᠪᠤᠭ᠎ᠠ》᠂  ᠳᠠᠯᠠᠳ ᠬᠤᠰᠢᠭᠤᠨ ᠤ《  ᠤᠩᠭᠤᠨ ᠤᠪᠤᠭ᠎ᠠ》 ᠵᠡᠷᠭᠡ ᠪᠤᠯ ᠮᠠᠨ ᠤ ᠤᠷᠳᠤᠰ ᠤᠨ ᠬᠤᠰᠢᠭᠤ ᠤᠪᠤᠭᠠᠳ ᠪᠤᠯᠤᠨ᠎ᠠ᠃ ᠁    2. ᠰᠦᠮ᠎ᠡ ᠬᠡᠶᠢᠳ ᠤᠨ ᠰᠢᠲᠦᠭᠡᠨ ᠤᠪᠤᠭ᠎ᠠ    ᠶᠡᠮᠠᠷᠪᠠ ᠶᠡᠭᠡ ᠪᠠᠭ᠎ᠠ ᠰᠦᠮ᠎ᠡ ᠬᠡᠶᠢᠳ ᠤᠯᠠᠩᠬᠢ ᠨᠢ ᠨᠢᠭᠡ ᠪᠤᠶᠤ ᠬᠡᠳᠦ ᠬᠡᠳᠦᠨ ᠤᠪᠤᠭ᠎ᠠ ᠪᠤᠰᠬᠠᠨ ᠳᠠᠬᠢᠳᠠᠭ ᠪᠠᠶᠢᠵᠠᠢ᠃ ᠡᠳᠡᠭᠡᠷ ᠤᠪᠤᠭᠠᠨ ᠳᠠᠬᠢᠯᠭ᠎ᠠ ᠶᠢᠨ ᠬᠡᠷᠡᠭᠰᠡᠯ ᠢ ᠳᠤᠰ ᠬᠡᠶᠢᠳ ᠤᠨ ᠠᠯᠢ ᠨᠢᠭᠡ ᠵᠢᠰᠡ ᠠᠴᠠ ᠬᠠᠷᠢᠭᠤᠴᠠᠳᠠᠭ᠃    3. ᠶᠠᠮᠠᠷ ᠨᠢᠭᠡᠨ ᠨᠤᠳᠤᠭ ᠤᠨ ᠬᠠᠮᠳᠤ ᠶᠢᠨ ᠤᠪᠤᠭ᠎ᠠ    ᠡᠨᠡ ᠨᠢ ᠨᠤᠳᠤᠭ ᠤᠨ ᠠᠷᠠᠳ ᠤᠨ ᠬᠠᠮᠳᠤ ᠪᠠᠷ ᠳᠠᠬᠢᠳᠠᠭ ᠤᠪᠤᠭ᠎ᠠ ᠶᠢ ᠬᠡᠯᠡᠨ᠎ᠡ᠃ ᠨᠡᠯᠢᠶᠡᠳ ᠶᠡᠭᠡ ᠨᠡᠷ᠎ᠡ ᠮᠢᠨᠳᠠᠭ ᠲᠠᠢ ᠤᠪᠤᠭᠠᠨ ᠳᠤ ᠪᠤᠯ ᠳᠤᠰᠬᠠᠶᠢᠯᠠᠨ ᠨᠢᠭᠡ ᠪᠦᠯᠦᠭ ᠪᠠᠶᠠᠨ ᠡᠯᠪᠡᠭ ᠦᠭᠯᠢᠭᠡ ᠶᠢᠨ ᠡᠵᠡᠳ ᠪᠠ ᠤᠪᠤᠭᠠᠨ  ᠤ ᠳᠠᠭᠠᠭᠠᠮᠠᠯ ᠲᠠᠢ ᠪᠠᠶᠢᠬᠤ ᠪᠠᠷ ᠦᠯᠦ ᠪᠠᠷᠠᠨ ᠤᠶᠢᠷ᠎ᠠ ᠬᠠᠪᠢ ᠶᠢᠨ ᠰᠠᠭᠤᠭᠠᠯᠢ ᠠᠷᠠᠳ ᠴᠤ ᠬᠠᠷᠠᠮᠵᠢ ᠰᠦᠢᠳᠬᠡᠯ ᠵᠠᠷᠤᠴᠠᠭᠤᠯᠳᠠᠭ᠃    4. ᠠᠶᠢᠯ ᠡᠷᠦᠬᠡ ᠶᠢᠨ ᠬᠤᠪᠢ ᠶᠢᠨ ᠤᠪᠤᠭ᠎ᠠ    ᠨᠢᠭᠡ ᠠᠶᠢᠯ ᠦᠪᠡᠷ ᠤᠨ ᠨᠤᠳᠤᠭ ᠤᠰᠤᠨ ᠳᠡᠭᠡᠷ᠎ᠡ ᠪᠠᠨ ᠤᠨ ᠤᠳᠠᠭᠠᠨ ᠰᠠᠭᠤᠪᠠᠯ ᠲᠡᠷᠡ ᠤᠷᠴᠢᠮ ᠤᠨ ᠨᠢᠭᠡᠨ ᠦᠨᠳᠦᠷ ᠰᠦᠷᠯᠢᠭ ᠭᠠᠵᠠᠷ ᠳᠡᠭᠡᠷ᠎ᠡ ᠱᠠᠩ ᠳᠠᠷᠤᠵᠦ᠂ ᠶᠠᠮᠠᠷ ᠨᠢᠭᠡᠨ ᠪᠤᠷᠬᠠᠨ ᠢ ᠳᠠᠬᠢᠵᠦ ᠤᠪᠤᠭ᠎ᠠ ᠪᠤᠰᠬᠠᠳᠠᠭ᠃ ᠡᠶᠢᠮᠦ ᠤᠪᠤᠭ᠎ᠠ ᠨᠢ ᠬᠡᠨ ᠤ ᠤᠪᠤᠭ᠎ᠠ ᠪᠤᠯ ᠲᠡᠷᠡ ᠠᠶᠢᠯ ᠤᠨ ᠬᠢᠨ ᠤ ᠨᠡᠷ᠎ᠡ ᠪᠠᠷ ᠨᠡᠷᠡᠶᠢᠳᠴᠦ ᠦᠶ᠎ᠡ ᠤᠯᠠᠷᠢᠨ ᠵᠠᠯᠭᠠᠮᠵᠢᠯᠠᠨ ᠳᠠᠬᠢᠳᠠᠭ᠃     ᠪᠢᠳᠡ ᠡᠳᠡᠭᠡᠷ ᠠᠳᠠᠯᠢ ᠪᠤᠰᠤ ᠲᠦᠷᠦᠯ ᠵᠦᠢᠯ ᠤᠨ ᠤᠪᠤᠭᠠᠨ ᠤ ᠳᠠᠬᠢᠯᠭ᠎ᠠ ᠶᠢᠨ ᠬᠦᠷᠢᠶ᠎ᠡ ᠬᠡᠪᠴᠢᠶ᠎ᠡ ᠨᠢ ᠠᠳᠠᠯᠢ ᠦᠭᠡᠢ ᠪᠦᠭᠡᠳ ᠤᠳᠬ᠎ᠠ ᠠᠭᠤᠯᠭ᠎ᠠ ᠨᠢ ᠴᠤ ᠤᠨᠳᠤᠤ ᠪᠤᠯᠬᠤ ᠶᠢ ᠮᠡᠳᠡᠵᠦ ᠪᠤᠯᠤᠨ᠎ᠠ᠃ ᠮᠦᠨ ᠴᠤ ᠲᠤᠬᠠᠢ  ᠶᠢᠨ ᠦᠶ᠎ᠡ ᠳᠤ ᠮᠤᠩᠭᠤᠯ ᠨᠤᠳᠤᠭ ᠲᠤ ᠰᠢᠷ᠎ᠠ ᠶᠢᠨ ᠱᠠᠰᠢᠨ ᠬᠤᠰᠢᠭᠤ ᠶᠠᠮᠤᠨ ᠠᠴᠠ ᠠᠪᠤᠭᠠᠳ ᠬᠠᠷᠠᠴᠦ ᠠᠷᠠᠳ  ᠤᠨ ᠳᠤᠮᠳᠠ ᠬᠦᠷᠳᠡᠯ᠎ᠡ ᠨᠡᠪᠴᠢᠨ ᠳᠡᠯᠭᠡᠷᠡᠵᠦ ᠪᠠᠶᠢᠭᠰᠠᠨ ᠢ ᠦᠵᠡᠵᠦ ᠪᠤᠯᠤᠨ᠎ᠠ᠃     ᠰᠢᠷ᠎ᠠ ᠶᠢᠨ ᠱᠠᠰᠢᠨ ᠳᠡᠯᠭᠡᠷᠡᠭᠰᠡᠨ ᠨᠢ ᠮᠤᠩᠭᠤᠯ ᠤᠨ ᠨᠡᠶᠢᠬᠡᠮ ᠤᠨ ᠬᠦᠭᠵᠢᠯᠳᠡ ᠳᠤ ᠳᠤᠩ ᠮᠠᠭᠤ ᠨᠦᠯᠦᠭᠡ ᠦᠵᠡᠭᠦᠯᠵᠡᠢ᠃ ᠮᠤᠩᠭᠤᠯ ᠤᠨ ᠠᠷᠠᠳ ᠲᠦᠮᠡᠨ ᠤᠭ ᠤᠨ ᠹᠸᠤᠳᠠᠯ ᠤᠨ ᠳᠠᠷᠣᠯᠠᠯ ᠮᠦᠯᠵᠢᠯ ᠠᠴᠠ ᠭᠠᠳᠠᠨ᠎ᠠ ᠪᠠᠰᠠ ᠰᠢᠷ᠎ᠠ ᠶᠢᠨ ᠱᠠᠰᠢᠨ ᠤ ᠳᠠᠷᠣᠯᠠᠯ ᠢ ᠠᠮᠰᠠᠬᠤ ᠪᠤᠯᠵᠦ ᠮᠣᠩᠭᠤᠯ ᠤᠨ ᠬᠠᠭᠠᠳ ᠨᠤᠶᠠᠳ ᠰᠦᠮ᠎ᠡ ᠬᠡᠶᠢᠳ ᠪᠠ ᠬᠤᠳᠤᠭᠳᠤ ᠬᠤᠪᠢᠯᠭᠠᠨ ᠨᠠᠷ ᠲᠤ ᠡᠷᠭᠦᠳᠡᠭ ᠪᠠᠷᠢᠴᠠᠭ᠎ᠠ ᠨᠢ ᠴᠦᠮ ᠬᠦᠳᠡᠯᠮᠦᠷᠢᠴᠢᠨ ᠠᠷᠠᠳ ᠲᠦᠮᠡᠨ ᠢ ᠰᠢᠬᠠᠨ ᠮᠦᠯᠵᠢᠵᠦ ᠠᠪᠤᠭᠰᠠᠨ ᠡᠳ᠋ ᠬᠦᠷᠦᠩᠭᠡ ᠪᠤᠯᠤᠨ᠎ᠠ᠃ ᠰᠦᠮ᠎ᠡ ᠬᠡᠶᠢᠳ ᠤᠪᠤᠭ᠎ᠠ ᠵᠡᠷᠭᠡ ᠶᠢ ᠪᠠᠶᠢᠭᠤᠯᠬᠤ ᠳᠤ ᠠᠰᠤᠷᠤ ᠣᠯᠠᠨ ᠬᠦᠳᠡᠯᠮᠤᠷᠢ ᠬᠦᠴᠦᠨ ᠪᠠ ᠡᠳ᠋ ᠪᠠᠶᠠᠯᠢᠭ ᠰᠦᠢᠳᠬᠡᠳᠡᠭ ᠪᠠᠶᠢᠭᠰᠠᠨ ᠪᠦᠭᠡᠳ ᠬᠦᠮᠦᠰ ᠰᠢᠷ᠎ᠠ ᠶᠢᠨ ᠱᠠᠰᠢᠨ  ᠳᠤ ᠪᠦᠷᠢᠮᠦᠰᠦᠨ ᠠᠪᠳᠠᠭᠳᠠᠵᠦ᠂ ᠠᠯᠢᠪᠠ ᠪᠦᠬᠦᠨ ᠢᠶᠠᠨ ᠪᠤᠷᠬᠠᠨ ᠳᠡᠭᠷᠢ ᠳᠤ ᠳᠠᠭᠠᠳᠬᠠᠬᠤ ᠪᠤᠯᠵᠠᠢ᠃    ᠭᠡᠪᠡᠴᠦ ᠰᠢᠷ᠎ᠠ ᠶᠢᠨ ᠱᠠᠰᠢᠨ ᠮᠣᠩᠭᠤᠯ ᠨᠤᠳᠤᠭ ᠲᠤ ᠳᠡᠯᠭᠡᠷᠡᠬᠦ ᠶᠢ ᠳᠠᠭᠠᠯᠳᠤᠨ᠂ ᠮᠤᠩᠭᠤᠯ᠂ ᠬᠢᠳᠠᠳ᠂ ᠲᠦᠪᠡᠳ ᠵᠡᠷᠭᠡ ᠦᠨᠳᠦᠰᠦᠳᠡᠨ ᠤ ᠬᠤᠭᠤᠷᠤᠨᠳᠤᠬᠢ ᠰᠤᠶᠤᠯ᠂ ᠠᠵᠦ ᠠᠬᠤᠢ ᠶᠢᠨ ᠰᠤᠯᠢᠯᠴᠠᠭᠠᠨ ᠤ ᠲᠠᠯ᠎ᠠ ᠳᠤ ᠤᠯᠠᠮ ᠨᠢᠭᠡ ᠠᠯᠬᠤᠮ ᠰᠠᠶᠢᠨ ᠨᠦᠭᠦᠴᠡᠯ ᠢ ᠨᠡᠭᠡᠭᠡᠨ ᠦᠭᠴᠦ᠂ ᠡᠮ ᠡᠮᠨᠡᠯᠭᠡ᠂ ᠤᠳᠬ᠎ᠠ ᠰᠤᠶᠤᠯ᠂ ᠪᠠᠷᠢᠯᠭ᠎ᠠ ᠶᠢᠨ ᠮᠡᠷᠭᠡᠵᠢᠯ᠂ ᠳᠠᠭᠤᠤ ᠬᠦᠭᠵᠢᠮ᠂ ᠪᠦᠵᠢᠭ ᠬᠡᠭᠦ ᠮᠡᠳᠦ ᠶᠢᠨ ᠰᠤᠶᠤᠯ ᠤᠨ ᠲᠠᠯ᠎ᠠ ᠪᠠᠷ ᠮᠤᠩᠭᠤᠯ ᠤᠨ ᠨᠡᠶᠢᠬᠡᠮ ᠤᠨ ᠬᠦᠭᠵᠢᠯᠳᠡ ᠳᠤ ᠵᠤᠬᠢᠬᠤ ᠬᠡᠮᠵᠢᠶᠡᠨ ᠤ ᠳᠦᠯᠬᠢᠬᠦ ᠬᠦᠴᠦᠨ ᠪᠤᠯᠤᠭᠰᠠᠨ ᠬᠡᠳᠡᠭ ᠢ ᠪᠢᠳᠡ ᠮᠦᠨ ᠦᠭᠡᠶᠢᠰᠬᠡᠵᠦ ᠪᠤᠯᠬᠤ ᠦᠭᠡᠢ᠃
ᠢᠷᠡᠯᠲᠡ᠄ ︽ᠳᠠᠯᠠᠳ ᠤᠨ ᠰᠤᠶᠤᠯ ᠲᠡᠦᠬᠡ︾ ᠭᠡᠬᠦ ᠨᠤᠮ ᠠᠴᠠ ᠪᠠᠭᠤᠯᠭᠠᠪᠠ᠃