ᠤᠷᠳᠤᠰ ᠤᠨ ᠤᠪᠤᠭᠠᠨ ᠰᠤᠶᠤᠯ ᠤᠨ ᠲᠤᠬᠠᠢ
ᠨᠡᠶᠢᠲᠡᠯᠡᠭᠰᠡᠨ ᠴᠠᠭ᠄
2018/11/9
       ᠡᠷᠳᠡᠨ ᠠᠴᠠ ᠤᠳᠤ ᠪᠤᠯᠳᠠᠯ᠎ᠠ ᠤᠪᠤᠭ᠎ᠠ ᠳᠠᠬᠢᠯᠭ᠎ᠠ ᠨᠢ ᠲᠦᠢᠯ ᠤᠨ ᠬᠦᠷ ᠨᠠᠷᠭᠢᠶᠠᠨ ᠲᠠᠢ ᠪᠦᠭᠡᠳ ᠤᠳᠬ᠎ᠠ ᠠᠭᠤᠯᠭ᠎ᠠ ᠪᠠᠷ ᠪᠠᠶᠠᠯᠢᠭ ᠪᠠᠶᠢᠳᠠᠭ᠃ ᠡᠯ᠎ᠡ ᠤᠪᠤᠭᠠᠨ ᠤ ᠰᠠᠬᠢᠵᠦ ᠪᠠᠶᠢᠭ᠎ᠠ ᠪᠤᠷᠬᠠᠨ ᠨᠢ ᠠᠳᠠᠯᠢ ᠦᠭᠡᠢ  ᠠᠴᠠ ᠪᠤᠯᠵᠦ᠂ ᠳᠠᠬᠢᠯᠭ᠎ᠠ᠂ ᠰᠢᠭᠦᠰᠦ᠂ ᠵᠠᠰᠠᠬᠤ ᠪᠡᠯᠢᠭ ᠨᠢ ᠴᠦᠨ ᠤᠨᠳᠤᠤ ᠪᠠᠶᠢᠳᠠᠭ᠃ ᠳᠠᠯᠠᠳ ᠬᠤᠰᠢᠭᠤᠨ ᠤ ᠽᠠᠨᠳᠠᠨᠵᠦ ᠶᠢᠨ《  ᠤᠩᠭᠤᠨ ᠤᠪᠤᠭ᠎ᠠ》ᠪᠤᠯ ᠮᠠᠭᠺᠠᠯᠠ‌‍ᠶᠢᠨ ᠤᠪᠤᠭ᠎ᠠ ᠲᠤᠯᠠ ᠮᠠᠭᠺᠠᠯᠠ ᠶᠢᠨ ᠪᠡᠯᠡᠭ ᠵᠠᠰᠠᠵᠦ᠂ ᠬᠤᠨᠢᠨ ᠰᠢᠭᠦᠰᠦ ᠪᠠᠷ ᠳᠠᠬᠢᠵᠦ᠂ ᠳᠠᠯᠠᠳ ᠬᠤᠰᠢᠭᠤᠨ ᠤ ᠰᠤᠬᠠᠶᠢᠳᠤ ᠶᠢᠨ《 ᠰᠤᠨᠤᠭᠤ ᠶᠢᠨ ᠤᠨᠤᠭ᠎ᠠ》ᠪᠤᠯ ᠳᠠᠮᠵᠢᠨ ᠤ ᠤᠪᠤᠭ᠎ᠠ ᠲᠤᠯᠠ ᠢᠮᠠᠭᠠᠨ ᠰᠢᠭᠦᠰᠦ ᠪᠠᠷ ᠳᠠᠬᠢᠵᠦ᠂ ᠳᠠᠮᠵᠢᠨ ᠤ ᠳᠠᠬᠢᠯᠭ᠎ᠠ ᠶᠢᠨ ᠨᠤᠮ ᠢ ᠤᠩᠰᠢᠳᠠᠭ᠃       ᠳᠠᠬᠢᠯᠭ᠎ᠠ ᠨᠢ ᠶᠡᠷᠦ ᠳᠡᠭᠡᠨ ᠵᠢᠯ ᠳᠤ ᠨᠢᠭᠡ ᠤᠳᠠᠭ᠎ᠠ ᠶᠠᠪᠤᠭᠳᠠᠵᠦ᠂ ᠰᠠᠷ᠎ᠠ ᠡᠳᠦᠷ ᠨᠢ ᠴᠤ ᠡᠷᠳᠡ ᠠᠴᠠ ᠳᠤᠭᠳᠠᠪᠤᠷᠢᠵᠢᠭᠠᠳ ᠤᠯᠠᠩᠭᠢ ᠳᠠᠭᠠᠨ ᠪᠢᠯᠢᠭ ᠤᠨ ᠤᠯᠠᠷᠢᠯ ᠤᠨ ᠳᠠᠪᠤᠨ ᠰᠠᠷ᠎ᠠ ᠶᠢᠨ ᠰᠢᠨ᠎ᠡ ᠶᠢᠨ ᠭᠤᠷᠪᠡᠨ᠂ ᠠᠷᠪᠠᠨ ᠭᠤᠷᠪᠠᠨ᠂ ᠬᠤᠷᠢᠨ ᠲᠠᠪᠤᠨ ᠤ ᠠᠯᠢ ᠨᠢᠭᠡ ᠡᠳᠦᠷ ᠲᠤ ᠪᠤᠯᠳᠠᠭ᠃ ᠤᠪᠤᠭᠠᠨ ᠤ ᠳᠠᠬᠢᠯᠭ᠎ᠠ ᠡᠬᠢᠯᠡᠪᠡᠯ ᠠᠶᠢᠯ ᠰᠭᠠᠬᠠᠯᠳᠠ ᠶᠢᠨ ᠬᠢᠨ ᠤ ᠬᠦᠭᠰᠢᠨ ᠵᠠᠯᠠᠭᠤ ᠦᠭᠡᠢ ᠢᠷᠡᠵᠡᠭᠡᠵᠦ᠂ ᠶᠡᠭᠡ ᠳᠠᠬᠢᠯᠭ᠎ᠠ ᠳᠤ ᠤᠷᠤᠯᠴᠠᠳᠠᠭ᠃ ᠳᠠᠬᠢᠯᠭ᠎ᠠ ᠶᠢᠨ ᠴᠠᠭ ᠬᠤᠭᠤᠴᠠᠭ᠎ᠠ ᠶᠢᠨ ᠲᠠᠯ᠎ᠠ ᠠᠴᠠ ᠰᠢᠨᠵᠢᠪᠡᠯ᠂ ᠪᠢᠯᠢᠭ ᠤᠨ ᠤᠯᠠᠷᠢᠯ ᠤᠨ ᠲᠠᠪᠤᠨ ᠰᠠᠷ᠎ᠠ ᠪᠤᠯ ᠵᠤᠨ ᠤ ᠳᠤᠮᠳᠠ ᠰᠠᠷ᠎ᠠ ᠪᠦᠭᠡᠳ ᠮᠠᠯ ᠰᠦᠷᠦᠭ ᠳᠠᠷᠭᠤ ᠭᠦᠢᠴᠡᠭᠰᠡᠨ ᠴᠠᠭ᠂ ᠰᠠᠭᠠᠯᠢ ᠰᠦ ᠶᠢᠨ ᠭᠤᠤᠯ ᠭᠠᠷᠣᠯᠳᠠ  ᠶᠢᠨ ᠦᠶ᠎ᠡ ᠮᠦᠨ᠃ ᠠᠭᠤᠷ ᠠᠮᠢᠰᠬᠤᠯ ᠳᠤᠯᠠᠭᠠᠨ ᠳᠤᠭᠳᠠᠭᠤᠨ ᠪᠠᠶᠢᠳᠠᠭ᠃ ᠡᠨᠡ ᠦᠶᠡᠰ ᠤᠪᠤᠭᠠᠨ ᠳᠠᠬᠢᠯᠭ᠎ᠠ ᠬᠢᠵᠦ᠂ ᠨᠠᠶᠢᠷ ᠨᠠᠭᠠᠳᠤᠮ ᠡᠭᠦᠰᠬᠡᠨ᠂ ᠰᠠᠶᠢᠨ ᠡᠷ᠎ᠡ᠂ ᠰᠠᠶᠢᠨ ᠮᠤᠷᠢ ᠰᠢᠯᠭᠠᠷᠠᠭᠤᠯᠬᠤ ᠳᠤᠬᠢᠶᠠᠯ ᠢᠶᠠᠷ ᠮᠦᠨ ᠮᠤᠩᠭᠤᠯᠴᠤᠳ ᠤᠨ ᠳᠤᠮᠳᠠ ᠰᠤᠶᠤᠯ᠂ ᠠᠵᠦ ᠠᠬᠤᠢ ᠶᠢᠨ ᠰᠤᠯᠢᠯᠴᠠᠭ᠎ᠠ ᠬᠢᠬᠦ ᠨᠦᠭᠦᠴᠡᠯ ᠢ ᠪᠤᠢ ᠪᠤᠯᠭᠠᠵᠠᠢ᠃      ᠤᠪᠤᠭᠠᠨ ᠳᠠᠬᠢᠯᠭ᠎ᠠ ᠶᠢᠨ ᠪᠤᠳᠠᠳᠤ ᠳᠠᠬᠢᠯᠭ᠎ᠠ ᠶᠢᠨ ᠶᠠᠪᠤᠴᠠ ᠠᠴᠠ ᠦᠵᠡᠪᠡᠯ᠄    《 ᠬᠤᠵᠢᠷᠳᠤ ᠶᠢᠨ ᠤᠪᠤᠭᠠᠨ》 ᠤ ᠶᠡᠭᠡ ᠳᠠᠬᠢᠯᠭ᠎ᠠ    《ᠬᠤᠵᠢᠷᠳᠤ ᠶᠢᠨ ᠤᠪᠤᠭ᠎ᠠ》ᠪᠤᠯ ᠦᠤᠰᠢᠨ ᠬᠤᠰᠢᠭᠤᠨ ᠤ ᠲᠤᠭ ᠰᠤᠮᠤᠨ ᠤ ᠬᠤᠵᠢᠷᠳᠤ ᠶᠢᠨ ᠴᠠᠶᠢᠳᠠᠮ ᠳᠡᠭᠡᠷ᠎ᠡ ᠪᠠᠶᠢᠬᠤ ᠬᠤᠵᠢᠷᠳᠤ ᠶᠢᠨ ᠰᠦᠮ᠎ᠡ ᠶᠢᠨ ᠤᠪᠤᠭ᠎ᠠ ᠪᠤᠯᠤᠨ᠎ᠠ᠃ ᠳᠤᠰ ᠤᠪᠤᠭ᠎ᠠ ᠶᠢ ᠡᠷᠳᠡᠨ ᠠᠴᠠ ᠤᠳᠤ ᠪᠤᠯᠳᠠᠯ᠎ᠠ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠨ ᠰᠠᠷ᠎ᠠ ︵ ᠤᠨ ᠲᠤᠭᠠᠯᠠᠯ ᠤᠨ ᠨᠠᠢᠮᠠᠨ ᠰᠠᠷ᠎ᠠ︶ ᠶᠢᠨ ᠬᠤᠷᠢᠨ ᠭᠤᠷᠪᠠᠨ ᠳᠤ ᠳᠠᠬᠢᠳᠠᠭ᠃ ᠶᠡᠭᠡ ᠳᠠᠬᠢᠯᠭ᠎ᠠ ᠶᠢᠨ ᠦᠷᠯᠦᠭᠡ ᠪᠤᠯᠬᠤ ᠳᠤ ᠬᠠᠮᠢᠶ᠎ᠠ ᠪᠦᠬᠦᠢ ᠮᠦᠷᠭᠦᠯᠴᠢᠨ ᠪᠦᠭᠦᠳᠡ ᠢᠷᠡᠵᠡᠭᠡᠵᠦ᠂ ᠳᠤᠰᠬᠠᠢ ᠪᠡᠯᠡᠳᠬᠡᠭᠰᠡᠨ ᠪᠠ ᠤᠯᠠᠨ ᠠᠷᠠᠳ ᠤᠨ ᠰᠦᠰᠦᠭ ᠤᠨ ᠭᠡᠰᠢᠭ ᠢ ᠤᠪᠤᠭᠠᠨ ᠤ ᠡᠮᠦᠨ᠎ᠡ ᠦᠷᠦᠵᠦ ᠲᠠᠯᠪᠢᠨ᠎ᠠ᠃ ᠶᠤᠰᠤᠯᠠᠯ ᠡᠬᠢᠯᠡᠬᠦ ᠦᠶᠡᠰ ᠤᠪᠤᠭᠠᠨ ᠳᠠᠭᠠᠨ ᠴᠢᠮᠡᠭᠯᠡᠯ ᠬᠢᠵᠦ᠂ ᠬᠡᠢ ᠮᠤᠷᠢ ᠪᠤᠰᠬᠠᠬᠤ᠂ ᠤᠪᠤᠭᠠᠨ ᠤ ᠰᠤᠭᠰᠤᠭ᠎ᠠ ᠵᠡᠷᠭᠡ ᠪᠠᠨ ᠵᠠᠰᠠᠵᠦ ᠭᠦᠢᠴᠡᠳᠬᠡᠭᠰᠡᠨ ᠤ ᠳᠠᠷᠠᠭ᠎ᠠ ᠰᠠᠩ ᠬᠦᠵᠢ ᠲᠠᠯᠪᠢᠵᠦ᠂ ᠳᠤᠩ ᠪᠦᠷᠢᠶ᠎ᠡ ᠦᠯᠢᠶᠡᠨ ᠬᠤᠨᠢ ᠠᠯᠠᠵᠦ ᠳᠠᠬᠢᠯᠭ᠎ᠠ ᠲᠠᠯᠪᠢᠨ ᠠᠷᠢᠬᠢ ᠳᠠᠷᠠᠰᠤ ᠠᠶᠢᠷᠠᠭ ᠤᠨ ᠰᠠᠴᠤᠯᠢ ᠰᠠᠴᠦᠵᠦ᠂ ᠭᠠᠵᠠᠷ ᠤᠰᠤᠨ ᠤ ᠡᠵᠡᠳ ᠰᠠᠬᠢᠭᠤᠯᠰᠤᠨ᠂ ᠤᠪᠤᠭ᠎ᠠ ᠤᠷᠤᠨ ᠤ ᠨᠠᠪᠳᠠᠭ ᠰᠠᠪᠳᠠᠭ ᠢ ᠬᠦᠷᠳᠡᠯ᠎ᠡ ᠳᠠᠬᠢᠵᠦ ᠠᠶᠢᠯᠠᠳᠬᠠᠭᠠᠳ《 ᠤᠪᠤᠭᠠᠨ ᠰᠠᠩ》 ᠢᠶᠠᠨ ᠤᠩᠰᠢᠨ᠎ᠠ᠂《 ᠤᠪᠤᠭᠠᠨ ᠰᠠᠩ》 ᠳᠤ᠄     《 ᠤᠸ᠋ᠮ ᠡ ᠬᠤᠩ︕ ᠤᠸ᠋ᠮ ᠡ ᠬᠤᠩ︕ᠤᠸ᠋ᠮ ᠡ ᠬᠤᠩ︕ ︵ ᠢᠩᠭᠡᠵᠦ ᠭᠤᠷᠪᠠᠨᠳᠠ ᠤᠩᠰᠢᠭᠠᠳ ᠪᠡᠯᠡᠳᠬᠡᠭᠰᠡᠨ ᠰᠠᠩ ᠤᠨ ᠡᠳ᠋ ᠢᠶᠠᠨ ᠵᠠᠰᠠᠨ ᠡᠷᠭᠦᠵᠦ ᠵᠤᠷᠢᠭᠰᠠᠨ ᠵᠤᠷᠢᠯᠭ᠎ᠠ ᠪᠠᠨ ᠵᠤᠷᠢᠵᠦ ᠤᠩᠰᠢᠨ᠎ᠠ︶        ᠰᠠᠩ ᠤᠨ ᠵᠦᠢᠯ ᠤᠨ ᠦᠨᠦᠨ ᠳᠠᠬᠢᠯ ᠡᠭᠦᠪᠡᠷ        ᠪᠠᠯᠮ᠎ᠠ ᠢᠳᠡᠮ ᠭᠤᠷᠪᠠᠨ ᠴᠤᠬᠠᠭ ᠳᠡᠭᠡᠳᠦ ᠶᠢ ᠳᠠᠬᠢᠮᠤᠢ        ᠬᠡᠢ ᠮᠤᠷᠢ ᠳᠦᠷᠪᠡᠨ ᠶᠡᠭᠡ ᠲᠡᠭᠷᠢ ᠶᠢ ᠳᠠᠬᠢᠮᠤᠢ        ᠳᠠᠯᠠᠨ ᠳᠠᠪᠤᠨ ᠮᠠᠭᠺᠠᠯᠠ ᠨᠤᠭᠤᠳ ᠢ ᠳᠠᠬᠢᠮᠤᠢ᠃        ᠨᠠᠢᠮᠠᠨ ᠬᠦᠯᠢᠰ ᠶᠢᠰᠦᠨ ᠮᠡᠩᠭᠡ ᠶᠢᠨ ᠲᠡᠭᠷᠢ ᠶᠢ ᠳᠠᠬᠢᠮᠤᠢ        ᠲᠠᠯᠡᠬᠡᠢ ᠶᠢᠨ ᠡᠵᠡᠳ ᠬᠢᠭᠡᠳ ᠤᠷᠤᠨ ᠲᠡᠭᠷᠢ ᠶᠢ ᠳᠠᠬᠢᠮᠤᠢ        ᠶᠤᠺᠠᠽᠠᠷᠢ ᠪᠢᠳᠡᠨ ᠤ ᠬᠡᠢ ᠮᠤᠷᠢ ᠶᠢ ᠳᠠᠬᠢᠮᠤᠢ        ᠤᠸ᠋ᠮ ᠡ ᠬᠤᠩ︕ ᠤᠸ᠋ᠮ ᠡ ᠬᠤᠩ︕ᠤᠸ᠋ᠮ ᠡ ᠬᠤᠩ︕        ᠳᠠᠩᠰᠤᠭ ᠪᠤᠯᠬᠤ ᠠᠳᠢᠰᠳᠠᠳ ᠤᠨ ᠰᠢᠳᠢ ᠬᠤᠷ᠎ᠠ ᠶᠢ ᠦᠭᠭᠦᠭᠴᠢ        ᠳᠠᠭᠠᠯᠠᠯᠳᠤ ᠦᠢᠯᠡᠰ ᠤᠳ ᠢ ᠰᠤᠶᠤᠷᠬᠠᠭᠤᠯᠤᠨ ᠢᠪᠡᠭᠡᠴᠢ        ᠪᠤᠷᠬᠠᠨ ᠪᠤᠳᠢᠰᠸ᠎ᠠ ᠨᠠᠷ ᠪᠠ ᠴᠤᠬᠠᠭ ᠭᠤᠷᠪᠠᠨ ᠡᠷᠳᠡᠨᠢ        ᠪᠠᠯᠮ᠎ᠠ ᠢᠳᠡᠮ ᠭᠤᠷᠪᠠᠨ ᠴᠤᠬᠠᠭ ᠢᠶᠠᠷ ᠴᠢᠭᠤᠯᠤᠭᠰᠠᠨ ᠠᠷᠰᠢ ᠨᠠᠷ        ᠪᠠᠭᠠᠳᠤᠳ ᠪᠠ ᠷᠠᠭᠢᠨᠢᠰ ᠤᠨ ᠴᠢᠭᠤᠯᠭᠠᠨ ᠢᠶᠠᠷ ᠡᠬᠢᠯᠡᠨ        ᠠᠮᠠᠨ ᠠᠪᠤᠨ ᠳᠠᠩᠭᠠᠷᠢᠭᠯᠠᠭᠰᠠᠨ ᠨᠤᠮᠤᠨ ᠰᠠᠬᠢᠭᠤᠯᠰᠤᠨ ᠨᠠᠷ        ᠰᠠᠶᠢᠨ ᠢ ᠬᠦᠰᠡᠨ ᠰᠠᠨᠠᠭᠰᠠᠨ ᠪᠠ ᠶᠤᠺᠠᠽᠠᠷᠢ ᠪᠢᠳᠡᠨ ᠤ        ᠰᠠᠶᠢᠨ ᠤ ᠡᠷᠳᠡᠮ ᠬᠡᠢ ᠮᠤᠷᠢ ᠶᠢ ᠳᠡᠩᠴᠡᠭᠦᠯᠦᠨ ᠰᠤᠶᠤᠷᠬ᠎ᠠ        ᠳᠠᠨ ᠤ ᠠᠤᠭ᠎ᠠ ᠬᠦᠴᠦᠨ ᠢᠶᠠᠷ ᠬᠠᠷ᠎ᠠ ᠶᠢᠨ ᠤᠮᠤᠭ ᠢ ᠳᠠᠷᠤᠭᠳᠤᠨ᠃        ᠴᠠᠭᠠᠨ ᠵᠦᠭ ᠲᠤ ᠢᠯᠭᠤᠭᠰᠠᠨ ᠬᠦᠰᠡᠯ ᠬᠡᠷᠡᠭ ᠢ ᠪᠦᠳᠦᠭᠡ        ᠤᠷᠤᠩᠭ᠎ᠠ ᠶᠢ ᠰᠠᠨᠰᠠᠷ ᠲᠤᠶᠢᠯ ᠤᠨ ᠦᠵᠦᠭᠦᠷ ᠲᠤ ᠪᠤᠰᠬᠠᠵᠦ                  ᠶᠤᠺᠠ ᠮᠢᠨᠤ ᠬᠡᠢ ᠮᠤᠷᠢ ᠶᠢ ᠳᠡᠭᠡᠭᠰᠢᠳᠡ ᠳᠡᠭᠵᠢᠭᠦᠯ                  ᠪᠠᠷᠰ ᠮᠡᠳᠦ ᠳᠤᠪᠳᠤᠯᠤᠭᠴᠢ ᠬᠡᠢ ᠮᠤᠷᠢ ᠶᠢ ᠮᠠᠨᠳᠤᠭᠤᠯ                  ᠠᠷᠰᠯᠠᠨ ᠮᠡᠳᠦ ᠤᠮᠤᠭ ᠰᠦᠷᠳᠦ ᠬᠡᠢ ᠮᠤᠷᠢ ᠶᠢ ᠮᠠᠨᠳᠤᠭᠤᠯ                  ᠭᠠᠷᠤᠳᠢ ᠮᠡᠳᠦ ᠴᠢᠷᠪᠢᠨ ᠨᠢᠰᠬᠦ ᠬᠡᠢ ᠮᠤᠷᠢ ᠶᠢ ᠮᠠᠨᠳᠤᠭᠤᠯ                  ᠯᠤᠤ ᠮᠡᠳᠦ ᠴᠠᠬᠢᠯᠭᠠᠨᠳᠤ ᠬᠡᠢ ᠮᠤᠷᠢ ᠶᠢ ᠮᠠᠨᠳᠤᠭᠤᠯ                  ᠬᠢᠵᠠᠭᠠᠷ ᠦᠭᠡᠢ ᠳᠦᠷᠪᠡᠨ ᠶᠡᠭᠡ ᠬᠦᠴᠦᠳᠡᠨ ᠯᠦᠭᠡ ᠨᠦᠬᠦᠴᠡᠨ                  ᠬᠡᠢ ᠮᠤᠷᠢ ᠶᠢ ᠪᠠᠳᠠᠷᠠᠩᠭᠤᠢ ᠭᠠᠶᠢᠬᠠᠮᠰᠢᠭᠳᠤ ᠪᠤᠯᠭᠠᠭᠳᠤᠨ︕                  ᠵᠤᠬᠢᠰᠳᠠᠶᠢᠬᠠᠨ ᠮᠠᠨ ᠢ ᠶᠤᠭᠠᠨ ᠦᠷᠭᠦᠯᠵᠢᠳᠡ ᠳᠡᠭᠵᠢᠷᠡᠭᠦᠯ                  ᠵᠤᠬᠢᠰ ᠦᠭᠡᠢ ᠳᠠᠶᠢᠨ ᠠᠶᠢᠮᠠᠭ ᠪᠦᠬᠦᠨ ᠢ ᠲᠤᠪᠷᠠᠭᠯᠠ᠃                  ᠴᠢᠨᠳᠠᠮᠤᠨᠢ ᠡᠷᠳᠡᠨᠢ ᠪᠦᠷᠢᠨ ᠳᠡᠭᠦᠰ ᠭᠠᠶᠢᠬᠠᠮᠰᠢᠭᠳᠤ ᠳᠡᠭᠵᠢᠷᠠ                  ᠳᠠᠩᠰᠤᠭ ᠠᠷᠢᠭᠤᠨ ᠪᠤᠶᠠᠨᠳᠤ ᠦᠢᠯᠡᠰ ᠤᠨ ᠴᠡᠴᠡᠭ ᠵᠢᠮᠢᠰ ᠳᠡᠯᠭᠡᠷᠡ                  ᠳᠡᠷᠰ ᠳᠠᠶᠢᠰᠤᠨ ᠪᠦᠬᠦᠨ ᠬᠡᠢ ᠮᠤᠷᠢ ᠶᠢ ᠳᠡᠭᠵᠢᠷᠡᠭᠦᠯᠦᠭᠰᠡᠨ ᠪᠤᠶᠠᠨ ᠢᠶᠠᠷ                  ᠮᠠᠨ ᠤ ᠪᠠᠶ᠎ᠠ ᠶᠢᠨ ᠠᠮᠢᠨ ᠨᠠᠰᠤᠨ ᠤ ᠡᠷᠬᠡ ᠬᠦᠴᠦᠨ ᠪᠠᠳᠠᠷᠠ                  ᠠᠵᠢᠨᠠᠢ ᠬᠦᠯᠦᠭ ᠤᠨ ᠦᠪᠡᠳᠡᠭᠰᠢ ᠨᠠᠷᠠᠨ ᠮᠡᠳᠦ ᠮᠠᠨᠳᠦᠵᠦ                  ᠠᠮᠤᠷ ᠳᠤᠰᠠ ᠴᠤᠭ ᠲᠤᠷ ᠠᠬᠤ ᠶᠢᠨ ᠦᠯᠵᠡᠢ ᠬᠤᠳᠤᠭ ᠤᠷᠤᠰᠢ                  ᠭᠦᠩᠳᠦ᠂ ᠰᠤᠷᠸᠠᠨ ᠳ᠋ᠳᠦ᠋ᠤ ᠡᠾᠤᠤ ᠬᠡᠢ ᠮᠤᠷᠢ                 ᠳᠡᠭᠵᠢᠨ ᠮᠠᠨᠳᠤᠳᠤᠭᠠᠢ︕》 ᠭᠡᠵᠦ ᠤᠩᠰᠢᠨ᠎ᠠ᠃         ᠨᠤᠮ ᠤᠩᠰᠢᠵᠦ ᠪᠠᠶᠢᠬᠤ ᠪᠦᠬᠦ ᠶᠠᠪᠤᠴᠠ ᠳᠤ ᠵᠤᠯᠠ᠂ ᠬᠦᠵᠡ᠂ ᠰᠠᠩ ᠳᠠᠰᠤᠷᠠᠬᠤ ᠦᠭᠡᠢ᠃ ᠤᠯᠠᠨ ᠬᠦᠮᠦᠰ ᠭᠡᠷ ᠠᠴᠠ ᠪᠠᠨ ᠠᠪᠴᠢᠷᠠᠭᠰᠠᠨ ᠪᠦᠰ ᠳᠡᠭᠡᠷ᠎ᠡ ᠬᠡᠢ ᠮᠤᠷᠢ ᠪᠠᠨ ᠳᠠᠷᠤᠵᠦ᠂ ᠰᠠᠩ ᠤᠨ ᠤᠳᠤᠭᠠᠨ ᠳᠡᠭᠡᠷ᠎ᠡ ᠳᠠᠷᠤᠵᠦ ᠲᠠᠯᠪᠢᠳᠠᠭ᠃ ᠳᠠᠬᠢᠯᠭ᠎ᠠ ᠶᠢᠨ ᠰᠠᠩ ᠪᠠ ᠮᠦᠷᠭᠦᠯ ᠤᠨ ᠳᠠᠷᠠᠭ᠎ᠠ ᠬᠦᠮᠦᠨ ᠠᠮᠢᠳᠠᠨ ᠤ ᠠᠮᠢ ᠨᠠᠰᠤ᠂ ᠠᠳᠠᠯ ᠦᠢᠯᠡᠰ᠂ ᠬᠤᠪᠢ ᠢᠷᠦᠭᠡᠯ ᠠᠯᠢᠪᠡ ᠪᠦᠬᠦᠨ ᠢᠶᠠᠨ ᠴᠦᠮ ᠰᠠᠶᠢᠨ ᠵᠦᠭ ᠲᠤ ᠨᠠᠮᠠᠨᠴᠢᠯᠠᠨ ᠳᠠᠭᠠᠳᠬᠠᠵᠦ ᠬᠦᠮᠦᠨ ᠪᠦᠬᠦᠨ ᠰᠦᠬᠦᠷᠡᠨ ᠮᠦᠷᠭᠦᠭᠡᠳ ᠪᠠᠰᠠ ᠵᠠᠷᠢᠮ ᠨᠢ ᠢᠷᠦᠭᠡᠯ ᠳᠠᠭᠠᠳᠬᠠᠯ ᠤᠩᠰᠢᠳᠠᠭ᠃ ᠢᠷᠦᠭᠡᠯ ᠳᠤ  ᠄       《 ᠤᠨ ᠡᠷᠳᠡᠨ ᠠᠴᠠ ᠤᠢ ᠳᠠᠶᠢᠭ᠎ᠠ ᠳᠠᠬᠢᠳᠠᠭ          ᠤᠯᠠᠨ ᠮᠤᠩᠭᠤᠯ ᠵᠠᠩᠰᠢᠯ          ᠤᠳᠤ ᠪᠤᠯᠳᠠᠯ᠎ᠠ ᠤᠯᠠᠮᠵᠢᠯᠠᠭᠳᠠᠭᠠᠳ          ᠲᠡᠷᠡ ᠬᠦ ᠵᠢᠷᠤᠮ ᠢ ᠮᠦᠷᠳᠡᠨ          ᠳᠡᠨᠢᠭᠡᠷ ᠠᠭᠤᠳᠠᠮ ᠤᠷᠤᠨ ᠤ ᠪᠠᠨ          ᠳᠡᠭᠷᠢ ᠯᠤᠤᠰ ᠢ ᠰᠢᠲᠦᠨᠡᠮ          ᠲᠡᠦᠬᠡᠨ ᠤᠴᠢᠷ ᠢ ᠦᠨᠡᠯᠡᠵᠦ          ᠦᠨᠳᠦᠷ ᠳᠠᠭᠳᠤ ᠪᠤᠰᠬᠠᠨ          ᠦᠷᠯᠦᠭ ᠮᠠᠶᠢᠬᠠᠨ ᠪᠠᠷᠢᠵᠦ᠂          ᠳᠠᠩᠰᠤᠭ ᠢᠳᠡᠭᠡ ᠰᠢᠭᠦᠰᠦ ᠪᠠᠨ                   ᠳᠠᠪᠠᠭ ᠳᠠᠪᠰᠢᠨ ᠳᠤ ᠦᠷᠦᠭᠡᠳ                   ᠠᠯᠳᠠᠨ ᠰᠦᠮᠪᠦᠷ ᠤᠪᠤᠭ᠎ᠠ ᠪᠠᠨ                   ᠠᠷᠢᠭᠤᠳᠬᠠᠨ ᠳᠠᠬᠢᠵᠦ ᠮᠦᠷᠭᠦᠭᠡᠳ                   ᠰᠠᠩ ᠤᠨ ᠠᠷᠢᠭᠤᠨ ᠤᠳᠤᠭ᠎ᠠ ᠶᠢ                   ᠰᠠᠨᠰᠠᠷ ᠲᠤᠯᠳᠠᠯ᠎ᠠ ᠳᠡᠭᠳᠡᠭᠡᠵᠦ                   ᠬᠤᠳᠤᠭ ᠦᠯᠵᠡᠢ ᠪᠦᠷᠢᠯᠳᠦᠭᠰᠡᠨ                   ᠬᠤᠷᠳᠤᠨ ᠰᠤᠮᠤ ᠪᠠᠨ ᠪᠠᠷᠢᠵᠦ                   ᠬᠤᠪᠢ ᠭᠡᠰᠢᠭ ᠤᠨ ᠪᠤᠶᠠᠨ ᠢ                   ᠬᠤᠷᠤᠶᠢᠯᠠᠨ ᠳᠠᠯᠠᠯᠵᠦ ᠠᠪᠴᠢᠷᠠᠨᠠᠮ︕》 ᠭᠡᠵᠦ ᠢᠷᠦᠭᠡᠨ ᠬᠡᠭᠡᠷ᠎ᠡ ᠲᠠᠯ᠎ᠠ ᠳᠡᠭᠡᠷ᠎ᠡ ᠠᠮᠪᠠᠨ ᠢᠷᠭᠡ ᠪᠠᠨ ᠰᠢᠭᠦᠰᠦᠯᠡᠵᠦ ᠳᠠᠷᠠᠰᠦ ᠪᠠᠨ ᠦᠷᠦᠵᠦ᠂ ᠬᠤᠯᠢᠶ᠎ᠠ ᠲᠠᠢ ᠴᠠᠭᠠᠳᠠᠢ ᠲᠤᠳᠤᠷᠭᠠᠨ ᠪᠤᠳᠠᠭ᠎ᠠ ᠪᠠᠨ ᠴᠢᠨᠠᠵᠦ ᠬᠠᠮᠳᠤ ᠪᠠᠷ ᠢᠳᠡᠵᠦ ᠤᠤᠭᠤᠵᠠᠭᠠᠨ ᠢᠷᠡᠬᠦ ᠵᠢᠯ ᠤᠨ ᠢᠶᠠᠨ ᠰᠠᠶᠢᠨ ᠰᠠᠶᠢᠬᠠᠨ ᠢ ᠵᠦᠩᠨᠡᠨ ᠪᠡᠯᠭᠡᠳᠡᠳᠡᠭ ᠪᠢᠯᠡ᠃ ᠡᠭᠦᠨ ᠤ ᠳᠠᠭᠠᠦ ᠪᠦᠬᠡ ᠪᠠᠷᠢᠯᠳᠤᠬᠤ᠂ ᠮᠤᠷᠢ ᠤᠷᠤᠯᠳᠤᠬᠤ᠂ ᠵᠤᠯᠠᠭ ᠵᠤᠯᠠᠭᠯᠠᠬᠤ ᠵᠡᠷᠭᠡ ᠨᠠᠶᠢᠷ ᠨᠠᠭᠠᠳᠤᠮ  ᠢ ᠡᠭᠦᠰᠬᠡᠵᠦ᠂ ᠪᠠᠰᠠ ᠳᠠᠭᠤᠯᠠᠵᠦ ᠨᠠᠶᠢᠷᠯᠠᠵᠠᠭᠠᠳᠠᠭ᠃         ᠤᠪᠤᠭᠠᠨ ᠳᠠᠬᠢᠯᠭ᠎ᠠ ᠶᠢᠨ ᠪᠤᠳᠠᠭ᠎ᠠ ᠴᠠᠢ ᠶᠢ ᠢᠳᠡᠵᠦ ᠤᠤᠭᠤᠬᠤ ᠠᠴᠠ ᠡᠮᠦᠨ᠎ᠡ ᠤᠷᠢᠳᠠᠪᠠᠷ ᠭᠠᠯ ᠠᠴᠠ ᠲᠡᠷᠢᠭᠦᠯᠡᠨ ᠪᠡᠯᠴᠢᠭᠡᠷ ᠤᠰᠤ ᠬᠦᠳᠡᠭᠡ ᠲᠠᠯ᠎ᠠ ᠳᠠᠭᠠᠨ ᠨᠢᠭᠡᠨ ᠵᠡᠷᠭᠡ ᠰᠠᠴᠤᠨ ᠡᠷᠭᠦᠭᠰᠡᠨ ᠤ ᠳᠠᠷᠠᠭ᠎ᠠ ᠰᠠᠶ᠋ᠢ ᠪᠦᠭᠦᠳᠡᠭᠡᠷ ᠢᠶᠠᠨ ᠴᠠᠳᠲᠠᠯ᠎ᠠ ᠢᠳᠡᠵᠦ ᠬᠠᠨᠳᠠᠯ᠎ᠠ ᠤᠤᠭᠤᠳᠠᠭ ᠪᠠᠶᠢᠨ᠎ᠠ᠃ ᠨᠠᠶᠢᠷ ᠤᠨ ᠳᠡᠭᠡᠵᠢ ᠨᠢᠭᠡ ᠬᠤᠨᠢᠨ ᠬᠠ ᠴᠤ ᠪᠤᠯᠤᠭ ᠦᠯᠡᠳᠡᠪᠡᠯ ᠪᠦᠭᠦᠳᠡᠭᠡᠷ ᠬᠤᠪᠢᠶᠠᠯᠴᠠᠨ ᠠᠪᠳᠠᠭ᠃ ᠦᠭᠡᠷ᠎ᠡ ᠪᠠᠷ ᠬᠡᠯᠡᠪᠡᠯ ᠦᠯᠡᠳᠡᠭᠰᠡᠨ ᠵᠦᠢᠯ ᠢᠶᠠᠨ ᠠᠳᠠᠯᠢ ᠳᠡᠭᠰᠢ ᠬᠤᠪᠢᠶᠠᠯᠴᠠᠵᠦ ᠠᠶᠢᠯ ᠡᠷᠦᠬᠡ ᠳᠡᠭᠡᠨ ᠦᠯᠡᠳᠡᠵᠦ ᠬᠤᠴᠤᠷᠠᠭᠰᠠᠨ ᠬᠡᠦᠭᠡᠳ ᠪᠠ ᠨᠠᠰᠤᠳᠠᠳ ᠲᠠᠭᠠᠨ ᠠᠮᠰᠠᠭᠤᠯᠵᠦ ᠢᠳᠡᠭᠦᠯᠬᠦ ᠰᠠᠶᠢᠬᠠᠨ ᠶᠤᠰᠤ ᠪᠠᠶᠢᠳᠠᠭ᠃         ᠨᠠᠶᠢᠷ ᠦᠷᠭᠦᠯᠵᠢᠯᠡᠬᠦ ᠳᠤ ᠬᠦᠷᠪᠡᠯ ᠰᠦᠨᠢ ᠲᠤᠵᠢ ᠳᠦᠳᠡᠭ ᠭᠠᠯ ᠲᠦᠯᠡᠵᠦ᠂ ᠮᠠᠷᠭᠠᠰᠢ ᠶᠢᠨ ᠬᠢᠨ ᠦᠤᠷ ᠤᠨ ᠭᠡᠭᠡ ᠶᠢ ᠤᠭᠳᠤᠬᠤ ᠤᠳᠠᠭ᠎ᠠ ᠴᠤ ᠤᠯᠠᠨ ᠭᠠᠷᠳᠠᠭ᠃ ᠡᠳᠡᠭᠡᠷ ᠨᠢ ᠬᠡᠳᠦᠶᠢᠪᠡᠷ ᠨᠢᠭᠡ ᠲᠠᠯ᠎ᠠ ᠪᠠᠷ ᠲᠡᠭᠷᠢ ᠭᠠᠵᠠᠷ ᠲᠤ ᠡᠳᠦᠢ ᠲᠡᠳᠦᠢ ᠢᠳᠡᠭᠡᠯ ᠨᠠᠶᠢᠳᠠᠪᠤᠷᠢ ᠲᠠᠯᠪᠢᠵᠦ ᠪᠠᠶᠢᠬᠤ ᠶᠠᠪᠤᠳᠠᠯ ᠪᠤᠯᠪᠠᠴᠤ ᠦᠨᠡᠨ ᠳᠡᠭᠡᠨ ᠮᠠᠯ ᠰᠦᠷᠦᠭ ᠤᠨ ᠢᠶᠠᠨ ᠦᠨᠢᠷ ᠦᠰᠦᠯᠳᠡ ᠪᠡ ᠲᠠᠷᠢᠶ᠎ᠠ ᠲᠦᠮᠦᠰᠦ ᠶᠢᠨ ᠡᠯᠪᠡᠭ ᠬᠤᠷᠢᠶᠠᠯᠳᠠ ᠶᠢ ᠪᠡᠯᠡᠭᠯᠡᠨ ᠳᠤᠷᠠᠰᠬᠠᠬᠤ ᠴᠡᠩᠬᠡᠯᠳᠦᠬᠦ ᠨᠠᠶᠢᠷ ᠨᠠᠭᠠᠳᠤᠮ ᠤᠨ ᠠᠭᠤᠯᠭ᠎ᠠ ᠪᠤᠯᠤᠨ᠎ᠠ᠃ ᠡᠨᠡ ᠬᠦ ᠰᠠᠶᠢᠨ ᠰᠠᠶᠢᠬᠠᠨ ᠵᠠᠩᠰᠢᠯ ᠨᠢ ᠮᠠᠨ ᠤ ᠤᠷᠳᠤᠰ ᠨᠤᠳᠤᠭ ᠤᠨ ᠠᠷᠠᠳ ᠲᠦᠮᠡᠨ ᠤ ᠳᠤᠮᠳᠠ ᠤᠨ ᠤᠳᠠᠭᠠᠨ ᠬᠠᠳᠠᠭᠠᠯᠭᠰᠠᠭᠠᠷ᠂ ᠤᠯᠠᠮᠵᠢᠯᠠᠭᠳᠠᠭᠰᠠᠭᠠᠷ ᠢᠷᠡᠵᠡᠢ᠃        ᠳᠡᠭᠡᠷᠡᠬᠢ《 ᠤᠪᠤᠭᠠᠨ ᠳᠠᠬᠢᠯᠭ᠎ᠠ ᠶᠢᠨ ᠰᠠᠩ》 ᠠᠴᠠ ᠦᠵᠡᠬᠦ ᠳᠤ ᠤᠪᠤᠭᠠᠨ ᠤ ᠲᠠᠬᠢᠯᠭ᠎ᠠ ᠶᠢᠨ ᠦᠭᠡ ᠰᠢᠭ ᠪᠤᠯᠪᠠᠴᠤ ᠦᠨᠡᠨ ᠳᠡᠭᠡᠨ ᠪᠦᠬᠦ ᠮᠤᠩᠭᠤᠯ ᠨᠤᠳᠤᠭ ᠤᠨ ᠠᠯᠳᠠᠷᠳᠤ ᠠᠭᠤᠯᠠ ᠣᠰᠣ ᠶᠢ ᠳᠤᠷᠠᠳᠴᠤ ᠪᠠᠶᠢᠬᠤ  ᠪᠠᠷ ᠪᠠᠷᠠᠬᠤ ᠦᠭᠡᠢ ᠡᠪᠡᠰᠦ ᠪᠡᠯᠴᠢᠭᠡᠷ ᠦᠩ ᠰᠢᠮᠡᠯᠢᠭ ᠠᠳᠤᠭᠤ ᠮᠠᠯ ᠳᠠᠷᠭᠤ ᠰᠠᠶᠢᠳᠠᠢ᠂ ᠬᠦᠮᠦᠨ ᠠᠮᠢᠳᠠᠨ ᠡᠷᠡᠭᠦᠯ ᠡᠩᠬᠡ᠂ ᠬᠠᠷᠢ ᠶᠢᠨ ᠳᠠᠶᠢᠰᠤᠨ ᠤ ᠳᠠᠷᠣᠯᠠᠯ ᠦᠭᠡᠢ ᠳᠦᠪᠰᠢᠨ ᠵᠢᠷᠭᠠᠯ ᠲᠠᠢ ᠪᠠᠶᠢᠬᠤ ᠶᠢ ᠬᠦᠰᠡᠭᠰᠡᠨ ᠰᠡᠳᠭᠢᠯᠭᠡᠨ ᠤ ᠴᠢᠭᠯᠡᠯ ᠳᠤᠳᠤᠬᠠᠨ ᠪᠠᠶᠢᠳᠠᠭ᠃ ᠤᠷᠳᠤᠰ ᠮᠤᠩᠭᠤᠯ ᠤᠨ ᠤᠳᠬ᠎ᠠ ᠰᠤᠶᠤᠯ᠂ ᠠᠵᠢᠯ ᠦᠢᠯᠡᠰ ᠡᠭᠦᠷᠢᠳᠡ ᠨᠠᠷᠠ ᠮᠡᠳᠦ ᠮᠠᠨᠳᠤᠵᠦ᠂ ᠠᠪᠴᠢ ᠮᠡᠳᠦ ᠳᠡᠯᠭᠡᠷᠡᠵᠦ ᠶᠠᠪᠤᠬᠤ ᠶᠢ ᠵᠤᠷᠢᠭᠰᠠᠨ ᠵᠤᠷᠢᠯᠳᠠ ᠴᠤ ᠪᠤᠢ᠃
ᠢᠷᠡᠯᠲᠡ᠄ ︽ᠳᠠᠯᠠᠳ ᠤᠨ ᠰᠤᠶᠤᠯ ᠲᠡᠦᠬᠡ︾ ᠭᠡᠬᠦ ᠨᠤᠮ ᠠᠴᠠ ᠪᠠᠭᠤᠯᠭᠠᠪᠠ᠃