ᠤᠪᠤᠭ᠎ᠠ ᠨᠢ ᠰᠢᠷ᠎ᠠ ᠶᠢᠨ ᠱᠠᠰᠢᠨ ᠲᠠᠢ ᠬᠤᠯᠪᠤᠭᠳᠠᠬᠤ ᠪᠤᠯᠬᠤᠷ ᠢᠶᠠᠨ ᠹᠸᠦᠳᠡᠯ ᠤᠨ ᠳᠠᠷᠣᠯᠠᠯ ᠮᠦᠯᠵᠢᠯ | ᠪᠠ ᠰᠢᠷ᠎ᠠ ᠶᠢᠨ ᠱᠠᠰᠢᠨ ᠤ ᠨᠤᠮᠯᠠᠯ ᠲᠤᠤᠷ᠎ᠠ ᠳᠤᠤᠷᠠᠬᠢ ᠮᠡᠳᠦ ᠴᠡᠭᠡᠷᠯᠡᠯ ᠡᠭᠦᠰᠦᠨ ᠭᠠᠷᠪᠠ᠃ | 1. ᠡᠮᠡᠭᠳᠡᠢ ᠬᠦᠮᠦᠨ ᠤᠪᠤᠭᠠᠨ ᠤ ᠤᠷᠤᠢ ᠳᠡᠭᠡᠷ᠎ᠡ ᠭᠠᠷᠬᠤ ᠶᠢ ᠴᠡᠭᠡᠷᠯᠡᠨ᠎ᠡ᠃ ᠭᠠᠷᠪᠠᠯ ᠳᠠᠷᠤᠢ | ᠰᠠᠬᠢᠭᠤᠯᠰᠤᠨ ᠢ ᠪᠤᠵᠠᠷᠯᠠᠨ᠎ᠠ ᠭᠡᠳᠡᠭ᠃ | 2. ᠤᠪᠤᠭ᠎ᠠ ᠳᠠᠬᠢᠭᠰᠠᠨ ᠤ ᠳᠠᠷᠠᠭ᠎ᠠ ᠤᠪᠤᠭ᠎ᠠ ᠤᠷᠴᠢᠮ ᠤᠨ ᠨᠠᠭᠤᠷ ᠤᠷᠴᠢᠮ ᠤᠨ ᠨᠠᠭᠤᠷ ᠴᠦᠬᠦᠷᠦᠮ | ᠳᠠᠬᠢ ᠵᠢᠭᠠᠰᠤ ᠵᠢᠷᠠᠭᠠᠬᠠᠢ ᠶᠢ ᠪᠠᠷᠢᠬᠤ ᠪᠠ ᠤᠪᠤᠭᠠᠨ ᠤ ᠤᠷᠴᠢᠮ ᠤᠨ ᠭᠠᠵᠠᠷ ᠢ ᠬᠦᠨᠳᠡᠬᠦ ᠶᠢ ᠬᠢᠴᠢᠶᠡᠨ᠎ᠡ᠃ | 3. ᠤᠪᠤᠭᠠᠨ ᠤ ᠬᠠᠵᠠᠭᠤ ᠪᠠᠷ ᠦᠩᠭᠡᠷᠡᠬᠦ ᠳᠡᠭᠡᠨ ᠤᠨᠤᠭ᠎ᠠ ᠤᠨᠤᠬᠤ ᠶᠢ ᠴᠡᠭᠡᠷᠯᠡᠨ᠎ᠡ᠃ ᠤᠨᠤᠭ᠎ᠠ | ᠤᠨᠤᠵᠦ ᠪᠠᠶᠢᠪᠠᠯ ᠵᠠᠪᠠᠯ ᠪᠠᠭᠤᠵᠦ ᠦᠩᠭᠡᠷᠡᠨ᠎ᠡ᠃ | 4. ᠤᠪᠤᠭ᠎ᠠ ᠳᠠᠬᠢᠬᠤ ᠠᠴᠠ ᠪᠤᠰᠤᠳ ᠴᠠᠭ ᠲᠤ ᠤᠪᠤᠭᠠᠨ ᠤ ᠤᠷᠤᠢ ᠳᠡᠭᠡᠷ᠎ᠡ ᠭᠠᠷᠬᠤ ᠪᠠ ᠭᠡᠭᠦᠦ | ᠤᠨᠤᠵᠦ ᠤᠪᠤᠭᠠᠨ ᠤᠷᠤᠢ ᠳᠤ ᠭᠠᠷᠬᠤ ᠶᠢ ᠴᠡᠭᠡᠷᠯᠡᠨ᠎ᠡ᠃ | 5. ᠴᠡᠭᠡᠷ ᠲᠠᠢ ᠠᠶᠢᠯ ᠳᠤ ᠤᠷᠤᠭᠰᠠᠨ ᠬᠦᠮᠦᠨ ᠰᠦᠮ᠎ᠡ ᠬᠡᠶᠢᠳ ᠤᠪᠤᠭ᠎ᠠ ᠳᠠᠬᠢᠯᠭ᠎ᠠ ᠳᠤ ᠤᠷᠤᠬᠤ ᠶᠢ | ᠴᠡᠭᠡᠷᠯᠡᠨ᠎ᠡ᠃ | ᠡᠨᠡ ᠨᠢ ᠨᠢᠭᠡ ᠲᠠᠯ᠎ᠠ ᠪᠠᠷ ᠤᠪᠤᠭ᠎ᠠ ᠪᠠᠨ ᠲᠦᠢᠯ ᠪᠠᠷ ᠡᠷᠬᠢᠮᠯᠡᠨ ᠬᠦᠨᠳᠦᠳᠬᠡᠵᠦ ᠪᠠᠶᠢᠭ᠎ᠠ ᠰᠡᠳᠭᠢᠯᠭᠡ ᠶᠢᠨ | ᠢᠯᠡᠷᠡᠭᠦᠯᠦᠯ ᠪᠤᠯᠬᠤ ᠮᠦᠷᠳᠡᠭᠡᠨ ᠨᠦᠭᠦᠭᠡ ᠲᠠᠯ᠎ᠠ ᠪᠠᠷ ᠪᠠᠰᠠ ᠹᠸᠦᠳᠡᠯ ᠤᠨ ᠪᠤᠶᠤ ᠪᠤᠶᠤ ᠱᠠᠰᠢᠨ ᠤ ᠦᠵᠡᠯ ᠤᠨ | ᠨᠦᠯᠦᠭᠡᠨ ᠠᠴᠠ ᠪᠤᠢ ᠪᠤᠯᠤᠭᠰᠠᠨ ᠨᠢᠭᠡ ᠵᠦᠢᠯ ᠤᠨ ᠬᠡᠯᠪᠡᠶᠢᠭᠦᠦ ᠦᠵᠡᠯᠳᠡ ᠪᠤᠯᠤᠨ᠎ᠠ᠃ | ᠤᠪᠤᠭ᠎ᠠ ᠪᠤᠯ ᠤᠷᠳᠤᠰ ᠨᠤᠳᠤᠭ ᠲᠤ ᠨᠡᠯᠢᠶᠡᠳ ᠡᠷᠳᠡ ᠦᠶ᠎ᠡ ᠪᠠᠷ ᠡᠭᠦᠰᠦᠨ ᠪᠤᠢ ᠪᠤᠯᠵᠦ | ᠬᠦᠨᠳᠦᠳᠬᠡᠭᠳᠡᠨ ᠳᠠᠬᠢᠭᠳᠠᠭᠰᠠᠭᠠᠷ ᠢᠷᠡᠭᠰᠡᠨ ᠶᠤᠮ᠃ ᠦᠨᠳᠦᠰᠦᠳᠡᠨ ᠤ ᠪᠠᠨ ᠡᠨᠡ ᠬᠦ ᠤᠯᠠᠮᠵᠢᠯᠠᠳᠤ ᠰᠤᠶᠤᠯ ᠤᠨ | ᠦᠪ ᠢᠶᠠᠨ ᠤᠷᠳᠤᠰ ᠮᠤᠩᠭᠤᠯᠴᠤᠳ ᠦᠶ᠎ᠡ ᠤᠯᠠᠷᠢᠨ ᠬᠠᠶᠢᠷᠠᠯᠠᠨ ᠬᠠᠮᠠᠭᠠᠯᠠᠵᠦ ᠵᠠᠯᠭᠠᠮᠵᠢᠯᠠᠨ ᠬᠦᠭᠵᠢᠭᠦᠯᠵᠦ | ᠪᠤᠯᠤᠨ᠎ᠠ᠃ | ᠤᠯᠤᠰ ᠪᠠᠶᠢᠭᠤᠯᠤᠭᠳᠠᠭᠰᠠᠨ ᠤ ᠳᠠᠷᠠᠭ᠎ᠠ ᠨᠠᠮ ᠤᠨ ᠲᠦᠷᠦ ᠶᠢᠨ ᠪᠤᠳᠤᠯᠭ᠎ᠠ ᠶᠢᠨ ᠵᠦᠪ ᠤᠨᠤᠪᠴᠢᠳᠠᠢ | ᠵᠢᠯᠤᠭᠤᠳᠤᠯᠭ᠎ᠠ ᠶᠢᠨ ᠲᠤᠤᠷ᠎ᠠ ᠤᠷᠳᠤᠰ ᠨᠤᠳᠤᠭ ᠤᠨ ᠠᠷᠠᠳ ᠲᠦᠮᠡᠨ ᠤ ᠠᠮᠢᠳᠤᠷᠠᠯ ᠡᠳᠦᠷ ᠢᠷᠡᠬᠦᠶ᠎ᠡ | ᠰᠠᠶᠢᠵᠢᠷᠠᠵᠦ ᠦᠨᠳᠦᠰᠦᠳᠡᠨ ᠤ ᠪᠠᠨ ᠰᠠᠶᠢᠨ ᠰᠠᠶᠢᠬᠠᠨ ᠵᠠᠩ ᠳᠠᠳᠬᠠᠯ ᠢ ᠤᠯᠠᠮ ᠬᠦᠨᠳᠤᠳᠬᠡᠨ ᠤᠪᠤᠭᠠᠨ ᠳᠠᠬᠢᠯᠭ᠎ᠠ | ᠪᠠᠨ ᠨᠡᠩ ᠣᠳᠬ᠎ᠠ ᠠᠭᠤᠯᠭ᠎ᠠ ᠲᠠᠢ ᠨᠡᠩ ᠬᠦᠷ ᠬᠦᠭᠵᠢᠶᠡᠨ ᠲᠠᠢ ᠬᠢᠬᠦ ᠪᠤᠯᠵᠠᠢ᠃ ᠲᠡᠷᠡ ᠨᠢ ᠤᠷᠳᠤᠰ ᠤᠨ ᠠᠷᠠᠳ | ᠲᠦᠮᠡᠨ ᠤ ᠵᠠᠩ ᠵᠠᠩᠰᠢᠯ ᠤᠨ ᠨᠢᠭᠡ ᠵᠦᠢᠯ ᠪᠤᠯᠤᠭᠰᠠᠨ ᠢᠶᠠᠷ ᠪᠠᠷᠠᠬᠤ ᠦᠭᠡᠢ ᠴᠢᠨᠠᠭᠰᠢᠯᠠᠨ ᠰᠤᠶᠤᠯ ᠠᠵᠦ ᠠᠬᠤᠢ | ᠶᠢᠨ ᠰᠤᠯᠢᠯᠴᠠᠭᠠᠨ ᠤ ᠠᠭᠤᠯᠭ᠎ᠠ ᠶᠢ ᠴᠤ ᠬᠠᠮᠤᠷᠤᠨ ᠪᠠᠭᠳᠠᠭᠠᠬᠤ ᠪᠤᠯᠵᠦ ᠠᠷᠠᠳ ᠲᠦᠮᠡᠨ ᠤ ᠡᠳᠦᠷ ᠢᠷᠡᠬᠦᠶ᠎ᠡ | ᠨᠡᠮᠡᠭᠳᠡᠵᠦ ᠪᠠᠶᠢᠭ᠎ᠠ ᠤᠶᠤᠨ ᠤ ᠠᠮᠢᠳᠤᠷᠠᠯ ᠤᠨ ᠬᠡᠷᠡᠭᠴᠡᠭᠡ ᠶᠢ ᠬᠠᠩᠭᠠᠬᠤ ᠪᠤᠯᠤᠭᠰᠠᠨ ᠪᠠᠶᠢᠨ᠎ᠠ᠃ | ᠠᠰᠢᠭᠯᠠᠭᠰᠠᠨ ᠨᠤᠮ | ᠤᠪᠤᠭᠠᠨ ᠤ ᠡᠭᠦᠰᠦᠯ᠂ ᠲᠦᠷᠦᠯ ᠵᠦᠢ᠂ ᠵᠢᠴᠢ ᠪᠤᠰᠤᠳ ᠳᠠᠬᠢᠯᠭ᠎ᠠ ᠶᠢᠨ ᠶᠤᠰᠤ ᠭᠤᠷᠢᠮ ᠢ ᠨᠠᠰᠤᠳᠠᠢ | ᠠᠪᠤ ᠳᠡᠮᠪᠡᠷᠢᠯ ᠪᠠᠭᠰᠢ ᠶᠢᠨ ᠦᠯᠡᠳᠡᠭᠡᠭᠰᠡᠨ ᠪᠤᠷᠤ ᠮᠠᠲ᠋ᠧᠷᠢᠶᠠᠯ ᠢᠶᠠᠷ ᠬᠢᠨᠠᠯᠳᠠ ᠪᠤᠯᠭᠠᠪᠠ᠃ |