ᠸᠠᠩ ᠤᠨ ᠵᠤᠤ ᠭᠡᠳᠡᠭ ᠨᠢ ᠨᠢᠭᠡ ᠮᠤᠩᠭᠤᠯ ᠬᠢᠳᠠᠳ ᠦᠭᠡ ᠬᠤᠯᠢᠯᠳᠤᠨ ᠪᠦᠳᠦᠭᠰᠡᠨ ᠭᠠᠵᠠᠷ ᠤᠨ | ᠨᠡᠷᠡᠶᠢᠳᠦᠯ ᠪᠤᠯᠤᠨ᠎ᠠ᠃ ᠸᠠᠩ ᠭᠡᠳᠡᠭ ᠨᠢ ᠬᠢᠳᠠᠳ ᠬᠡᠯᠡᠨ ᠳᠤ1. ᠡᠷᠳᠡᠨ ᠤ ᠸᠠᠩ ᠨᠤᠶᠠᠨ ᠪᠤᠯᠤᠨ ᠬᠠᠮᠤᠭ ᠡᠷᠭᠡ | ᠰᠦᠷ ᠲᠠᠢ ᠬᠦᠮᠦᠨ ᠢ ᠵᠢᠭᠠᠳᠠᠭ᠃2. ᠨᠢᠭᠡ ᠦᠨᠳᠦᠰᠦ ᠤᠭᠰᠠᠭᠠᠳᠠᠨ ᠤ ᠠᠬᠠᠯᠠᠭᠴᠢ ᠶᠢ ᠵᠢᠭᠠᠳᠠᠭ᠃ ᠠᠳᠡᠬᠢ | ᠵᠤᠤ ᠭᠡᠳᠡᠭ ᠨᠢ ᠦᠨᠡᠨᠳᠡᠭᠡᠨ ᠪᠤᠯ ᠮᠤᠩᠭᠤᠯ ᠬᠡᠯᠡᠨ ᠳᠠᠬᠢ ᠳᠦᠪᠡᠳ ᠦᠭᠡ ᠠᠴᠠ ᠭᠠᠷᠤᠯ ᠲᠠᠢ ᠳᠤᠰᠠᠯᠠᠬᠤ ᠦᠭᠡ | ᠪᠤᠯᠤᠨ᠎ᠠ᠃ ᠠᠳᠡᠬᠢ ᠰᠦᠮ᠎ᠡ ᠬᠡᠶᠢᠳ ᠨᠢ ᠤᠤᠯ ᠠᠴᠠ ᠪᠠᠨ ᠱᠠᠭᠵᠢᠮᠤᠨᠢ ᠪᠤᠷᠬᠠᠨ ᠢ ᠳᠠᠬᠢᠵᠦ ᠪᠠᠶᠢᠭᠰᠠᠨ | ᠪᠤᠯᠬᠤᠷ“ ᠵᠤᠤ ”ᠭᠡᠵᠦ ᠨᠡᠷᠡᠶᠢᠳᠴᠡᠢ᠃ ᠤᠴᠢᠷ ᠨᠢ ᠸᠠᠩ ᠤᠨ ᠵᠤᠤ ᠪᠤᠯ ᠤᠷᠳᠤᠰ ᠤᠨ ᠵᠢᠨᠤᠩ ᠦᠪᠡᠷ ᠤᠨ | ᠭᠠᠷ ᠪᠠᠷ ᠢᠶᠠᠨ ᠪᠠᠶᠢᠭᠤᠯᠵᠦ ᠪᠤᠰᠬᠠᠭᠰᠠᠨ “ᠵᠢᠶᠦ᠋ᠨ ᠸᠠᠩ” ᠤᠨ ᠰᠦᠮ᠎ᠡ ᠪᠤᠯᠬᠤᠷ᠂ ᠠᠷᠠᠳ ᠤᠳ“ ᠸᠠᠩ | ᠤᠨ ᠵᠤᠤ” ᠭᠡᠵᠦ ᠨᠡᠷᠡᠶᠢᠳᠴᠡᠢ᠃ ᠡᠨᠡᠬᠦ ᠰᠦᠮ᠎ᠡ ᠨᠢ ᠤᠨ ᠲᠤᠭᠠᠯᠠᠯ ᠠᠴᠠ ᠡᠮᠦᠨ᠎ᠡ1607 ᠤᠨ ᠳᠤ ᠡᠬᠢᠯᠡᠨ | ᠪᠠᠶᠢᠭᠤᠯᠵᠦ᠂1613 ᠤᠨ ᠳᠤ ᠪᠠᠷᠢᠵᠦ ᠳᠠᠭᠤᠰᠬᠠᠵᠠᠢ᠃ ᠪᠦᠬᠦ ᠨᠡᠷᠡᠶᠢᠳᠦᠯ ᠨᠢ“ ᠣᠬᠠᠭᠠᠨ | ᠪᠠᠳᠠᠷᠠᠭᠤᠯᠤᠭᠴᠢ” ᠰᠦᠮ᠎ᠡ ᠪᠤᠯᠤᠨ᠎ᠠ᠃ ᠡᠨᠡᠬᠦ ᠵᠤᠤ ᠤᠤᠯ ᠨᠢ ᠤᠷᠳᠤᠰ ᠤᠨ ᠲᠤᠯᠤᠭᠠᠨ ᠬᠤᠰᠢᠭᠤᠨ ᠤ | ᠴᠢᠭᠤᠯᠭᠠᠨ ᠤ ᠭᠠᠵᠠᠷ ᠪᠠᠶᠢᠭᠰᠠᠨ ᠪᠤᠯᠬᠤᠷ᠂ ᠠᠶᠢᠮᠠᠭ ᠪᠠᠶᠢᠭᠤᠯᠬᠤ ᠳᠤ ᠪᠠᠨ“ ᠶᠡᠭᠡ ᠵᠤᠤ ᠠᠶᠢᠮᠠᠭ” ᠭᠡᠵᠦ | ᠨᠡᠷᠡᠶᠢᠳᠴᠡᠢ᠃ | ᠢᠦᠢ ᠲᠠᠢ ᠺᠦᠢ ᠳᠣᠰᠬᠤᠨ ᠤ ᠠᠷᠠᠳ ᠤᠨ ᠵᠦᠪᠯᠡᠯ ︵裕太奎村民委员会︶᠄ “ | ᠢᠦᠢ ᠲᠠᠢ ᠺᠦᠢ ” ᠭᠡᠳᠡᠭ ᠨᠢ ᠬᠤᠳᠠᠯᠳᠤᠭᠠᠨ ᠤ ᠳᠡᠮᠳᠡᠭ ᠪᠤᠯᠤᠨ᠎ᠠ︔ ᠪᠠᠶᠠᠨ ᠴᠢᠨᠡᠭᠡᠯᠢᠭ᠂ ᠡᠩᠭᠡ ᠳᠠᠶᠢᠪᠤᠩ᠂ | ᠬᠦᠭᠵᠢᠭᠰᠡᠨ ᠭᠡᠰᠡᠨ ᠤᠳᠬ᠎ᠠ ᠲᠠᠢ᠃ | ᠳ᠋ᠧ ᠱᠧᠩ ᠲᠠᠢ ᠳᠤᠰᠬᠤᠨ ᠤ ᠠᠷᠠᠳ ᠤᠨ ᠵᠦᠪᠯᠡᠯ ︵德胜泰村村委会︶᠄ ᠳ᠋ᠧ | ᠱᠧᠩ ᠲᠠᠢ — ᠴᠢᠯᠦᠭᠡᠯᠡᠬᠦ ᠠᠴᠠ ᠡᠮᠦᠨ᠎ᠡ ᠪᠤᠯ ᠸᠠᠩ ᠵᠧᠩ ᠲᠠᠢ ᠶᠢᠨ ᠬᠤᠳᠠᠯᠳᠤᠭᠠᠨ ᠤ ᠳᠡᠮᠳᠡᠭ ᠪᠠᠶᠢᠭᠰᠠᠨ | ᠪᠤᠯᠬᠤᠷ ᠢᠩᠭᠡᠵᠦ ᠨᠡᠷᠡᠶᠢᠳᠴᠡᠢ᠃ | ᠰᠢᠶᠤᠤ ᠨᠤᠤ ᠳᠤᠰᠬᠤᠨ ᠤ ᠠᠷᠠᠳ ᠤᠨ ᠵᠦᠪᠯᠡᠯ ︵小淖村村委员会︶᠄ ᠲᠡᠦᠬᠡᠨ | ᠳᠤ“ ᠰᠢᠶᠤᠤ ᠨᠤᠤ ᠲᠠᠨ” ᠭᠡᠵᠦ ᠨᠡᠷᠡᠯᠡᠵᠦ ᠪᠠᠶᠢᠵᠠᠢ᠂“ 硝” ᠤᠯᠠᠷᠢᠭᠠᠳ“ 小” ᠪᠤᠯᠤᠭᠰᠠᠨ | ᠪᠤᠯᠬᠤᠷ ᠢᠩᠭᠡᠵᠦ ᠨᠡᠷᠡᠶᠢᠳᠴᠡᠢ᠃ | ᠳ᠋ᠧ ᠱᠧᠩ ᠶᠢᠩ ᠽᠢ ᠳᠤᠰᠬᠤᠨ ᠤ ᠠᠷᠠᠳ ᠤᠨ ᠵᠦᠪᠯᠡᠯ ︵得胜营子村村委会︶ | ᠄ ᠴᠢᠯᠦᠭᠡᠯᠡᠭᠳᠡᠭᠰᠡᠨ ᠤ ᠳᠠᠷᠠᠭ᠎ᠠ᠂ ᠬᠦᠭᠵᠢᠮ ᠤᠨ ᠠᠶ᠎ᠠ ᠪᠤᠯᠬᠤ“ ᠳ᠋ᠧ ᠱᠧᠩ ᠬᠤᠢ ᠶᠢᠩ” ᠠᠴᠠ ᠰᠡᠷᠡᠯ | ᠠᠪᠴᠦ“ ᠳ᠋ᠧ ᠱᠧᠩ ᠶᠢᠩ ᠽᠢ” ᠭᠡᠵᠦ ᠨᠡᠷᠡᠶᠢᠳᠴᠡᠢ᠃ | ᠰᠢᠨ ᠡᠾᠧ ᠳᠤᠰᠬᠤᠨ ᠤ ᠠᠷᠠᠳ ᠤᠨ ᠵᠦᠪᠯᠡᠯ ︵新和村村委会︶᠄ ᠤᠤᠯ ᠨᠡᠷ᠎ᠡ ᠨᠢ | ᠶᠡᠭᠡ ᠯᠠᠮᠠ ᠶᠢᠨ ᠳᠤᠰᠬᠤᠨ ᠭᠡᠵᠦ ᠪᠠᠶᠢᠪᠠ᠂1966 ᠤᠨ ᠤ ᠰᠤᠶᠤᠯ ᠤᠨ ᠶᠡᠭᠡ ᠬᠤᠪᠢᠰᠬᠠᠯ ᠤᠨ ᠦᠶ᠎ᠡ ᠳᠤ | ᠨᠡᠷ᠎ᠡ ᠪᠠᠨ ᠦᠭᠡᠷᠡᠴᠢᠯᠡᠭᠡᠳ“ ᠰᠢᠨ ᠡᠾᠧ” ᠪᠤᠯᠭᠠᠵᠠᠢ᠃ | ᠰᠠᠨ ᠹᠧᠨ ᠽᠢ ᠳᠤᠰᠬᠤᠨ ᠤ ᠠᠷᠠᠳ ᠤᠨ ᠵᠦᠪᠯᠡᠯ ︵三份子村村委会︶᠄ 1949 | ᠤᠨ ᠠᠴᠠ ᠡᠮᠦᠨ᠎ᠡ᠂ ᠲᠠᠷᠢᠶᠠᠴᠢᠳ ᠳᠠᠯᠠᠳ ᠤᠨ ᠸᠠᠩ ᠨᠤᠶᠠᠨ ᠤ “ ᠭᠤᠷᠪᠠᠨ ᠬᠤᠪᠢ” ᠭᠠᠵᠠᠷ ᠢ | ᠳᠦᠷᠢᠶᠡᠰᠦᠯᠡᠭᠡᠳ ᠭᠠᠵᠠᠷ ᠲᠠᠷᠢᠵᠦ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃ | ᠶᠠᠩ ᠵᠢᠶᠠ ᠶᠢᠩ ᠽᠢ ᠳᠤᠰᠬᠤᠨ ᠤ ᠠᠷᠠᠳ ᠤᠨ ᠵᠦᠪᠯᠡᠯ ︵杨家营子村村委会︶ | ᠄ 1880 ᠤᠨ ᠳᠤ᠂ ᠠᠳᠡ ᠶᠠᠩ ᠤᠪᠤᠭᠳᠤ ᠠᠶᠢᠯ ᠰᠠᠭᠤᠷᠢᠰᠢᠵᠦ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃ | ᠳ᠋ᠦᠩ ᠰᠢᠩ ᠳᠤᠰᠬᠤᠨ ᠤ ᠠᠷᠠᠳ ᠤᠨ ᠵᠦᠪᠯᠡᠯ ︵东兴村村委会︶᠄ ᠳ᠋ᠦᠩ ᠰᠢᠩ | — ᠤᠤᠯ ᠤᠨ ᠳ᠋ᠦᠩ ᠪᠠ ᠨᠢᠭᠡᠳᠦᠯ ᠪᠤᠯᠤᠨ ᠰᠢᠩ ᠡᠾᠧ ᠨᠢᠭᠡᠳᠦᠯ ᠢ ᠨᠡᠶᠢᠯᠡᠭᠦᠯᠦᠭᠡᠳ ᠳ᠋ᠦᠩ ᠰᠢᠩ ᠳᠤᠰᠬᠤᠨ | ᠪᠤᠷᠢᠯᠳᠦᠭᠰᠡᠨ ᠪᠤᠯᠬᠤᠷ ᠢᠩᠭᠡᠵᠦ ᠨᠡᠷᠡᠶᠢᠳᠴᠡᠢ᠃ | ᠢᠦᠢ ᠯᠢᠨ ᠽᠢ ᠳᠤᠰᠬᠤᠨ ᠤ ᠠᠷᠠᠳ ᠤᠨ ᠵᠦᠪᠯᠡᠯ ︵榆林子村村委会︶᠄ ᠠᠳᠡ | ᠬᠠᠶᠢᠯᠠᠰᠤᠨ ᠤᠢ ᠪᠠᠶᠢᠳᠠᠭ ᠪᠤᠯᠬᠤᠷ ᠢᠩᠭᠡᠵᠦ ᠨᠡᠷᠡᠶᠢᠳᠴᠡᠢ᠃ | ᠱᠧᠩ ᠴᠧᠩ ᠶᠦᠩ ᠳᠤᠰᠬᠤᠨ ᠤ ᠠᠷᠠᠳ ᠤᠨ ᠵᠦᠪᠯᠡᠯ ︵生成永村村委会︶᠄ | ᠮᠢᠩ ᠤᠯᠤᠰ ᠤᠨ ᠦᠶ᠎ᠡ ᠳᠤ᠂ ᠨᠢᠭᠡ ᠸᠠᠩ ᠰᠢ ᠶᠠᠩ ᠭᠡᠳᠡᠭ ᠠᠷᠠᠯᠵᠢᠶᠠᠴᠢᠨ ᠠᠳᠡ ᠰᠠᠭᠤᠷᠢᠰᠢᠨ | ᠠᠷᠠᠯᠵᠢᠶ᠎ᠠ ᠬᠢᠵᠦ᠂ ᠬᠤᠳᠠᠯᠳᠤᠭᠠᠨ ᠤ ᠳᠡᠮᠳᠡᠭ ᠨᠢ“ ᠱᠧᠩ ᠴᠧᠩ ᠶᠦᠩ” ᠪᠤᠯᠬᠤᠷ ᠢᠩᠭᠡᠵᠦ ᠨᠡᠷᠡᠶᠢᠳᠴᠡᠢ᠃ | | ᠶᠠᠩ ᠵᠢᠶᠠ ᠭᠧ ᠳ᠋ᠦ᠋ ᠳᠤᠰᠬᠤᠨ ᠤ ᠠᠷᠠᠳ ᠤᠨ ᠵᠦᠪᠯᠡᠯ ︵杨家圪堵村村民委员 | 会︶᠄ ᠮᠢᠩ ᠤᠯᠤᠰ ᠤᠨ ᠦᠶ᠎ᠡ ᠳᠤ᠂ ᠠᠳᠡ ᠶᠠᠩ ᠤᠪᠤᠭᠳᠤ ᠠᠶᠢᠯ ᠰᠠᠭᠤᠷᠢᠰᠢᠵᠦ ᠪᠠᠶᠢᠭᠰᠠᠨ ᠪᠤᠯᠬᠤᠷ | ᠢᠩᠭᠡᠵᠦ ᠨᠡᠷᠡᠶᠢᠳᠴᠡᠢ᠃ | ᠳ᠋ᠠ ᠨᠤᠤ ᠳᠤᠰᠬᠤᠨ ᠤ ᠠᠷᠠᠳ ᠤᠨ ᠵᠦᠪᠯᠡᠯ ︵大淖村村民委员会︶᠄ ᠮᠢᠩ | ᠤᠯᠤᠰ ᠤᠨ ᠡᠬᠢᠨ ᠤ ᠦᠶ᠎ᠡ ᠳᠤ᠂ “ ᠰᠢᠶᠤᠤ ᠨᠤᠤ ᠲᠠᠨ” ᠨᠢ ᠰᠡᠭᠦᠯᠡᠷ ᠨᠢ“ ᠶᠡᠭᠡ ᠪᠠᠭ᠎ᠠ ᠨᠤᠤ ᠲᠠᠨ” | ᠪᠤᠯᠤᠨ ᠤᠯᠠᠷᠢᠵᠠᠢ᠃ ᠴᠢᠯᠦᠭᠡᠯᠡᠭᠰᠡᠨ ᠤ ᠳᠠᠷᠠᠭ᠎ᠠ“ ᠳ᠋ᠠ ᠨᠤᠤ” ᠪᠠᠷ ᠨᠢ ᠨᠡᠷᠡᠶᠢᠳᠴᠡᠢ᠃ | ᠨᠠᠨ ᠬᠤᠩ ᠴᠢᠶᠤᠤ ᠳᠤᠰᠬᠤᠨ ᠤ ᠠᠷᠠᠳ ᠤᠨ ᠵᠦᠪᠯᠡᠯ ︵南红桥村村民委员会 | ︶᠄ 1800 ᠤᠨ ᠤ ᠦᠶᠡᠰ ᠢᠶᠠᠷ᠂ ᠬᠠᠳᠤᠨ ᠭᠤᠤᠯ ᠤᠨ ᠡᠮᠦᠨ᠎ᠡ ᠡᠷᠭᠢ ᠳᠤ ᠨᠢᠭᠡ ᠴᠢᠯᠠᠭᠤᠨ ᠬᠦᠭᠦᠷᠭᠡ | ᠵᠠᠰᠠᠭᠰᠠᠨ ᠪᠤᠯᠬᠤᠷ ᠢᠩᠭᠡᠵᠦ ᠨᠡᠷᠡᠶᠢᠳᠴᠡᠢ᠃ | ᠰᠠᠨ ᠽᠦᠸᠧ ᠮᠤᠤ ᠠᠨ ᠳᠤᠰᠬᠤᠨ ᠤ ᠠᠷᠠᠳ ᠤᠨ ᠵᠦᠪᠯᠡᠯ ︵三座茅庵村村民委 | 员会︶᠄ ᠮᠢᠩ ᠤᠯᠤᠰ ᠤᠨ ᠦᠶ᠎ᠡ ᠳᠤ᠂ ᠭᠤᠷᠪᠠᠨ ᠡᠷᠦᠬᠡ ᠠᠶᠢᠯ ᠠᠳᠡ ᠨᠤᠳᠤᠭᠰᠢᠨ ᠲᠠᠷᠢᠶ᠎ᠠ ᠲᠠᠷᠢᠨ | ᠠᠮᠢᠳᠤᠷᠠᠵᠦ᠂ ᠭᠡᠷ ᠨᠢ ᠶᠠᠳᠠᠭᠤ ᠬᠦᠴᠢᠷᠳᠡᠯᠳᠡᠢ ᠪᠤᠯᠬᠤᠷ ᠭᠤᠷᠪᠠᠨ ᠳᠠᠰᠤᠯᠭ᠎ᠠ ᠤᠯᠠᠯᠵᠢᠨ ᠭᠡᠷ ᠪᠠᠷᠢᠨ ᠰᠠᠭᠤᠵᠦ | ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃ | ᠰᠢᠨ ᠴᠧᠩ ᠳᠤᠰᠬᠤᠨ ᠤ ᠠᠷᠠᠳ ᠤᠨ ᠵᠦᠪᠯᠡᠯ ︵新城村村民委员会︶᠄ | ᠰᠢᠩ ᠴᠧᠩ ᠤᠨ ᠤᠤᠯ ᠨᠡᠷ᠎ᠡ ᠨᠢ“ ᠴᠦᠩ ᠶᠠᠩ ᠭᠧ ᠳ᠋ᠦ᠋” ᠭᠡᠳᠡᠭ ᠪᠠᠶᠢᠵᠠᠢ᠂ ᠰᠡᠭᠦᠯᠡᠷ ᠨᠢ | ᠳᠡᠭᠡᠷᠡᠮ ᠠᠴᠠ ᠰᠡᠷᠭᠡᠶᠢᠯᠡᠵᠦ ᠠᠷᠠᠳ ᠤᠳ ᠬᠠᠮᠳᠤ ᠪᠠᠷ ᠪᠡᠯᠡ ᠴᠤᠭᠯᠠᠭᠤᠯᠤᠨ ᠰᠢᠨ᠎ᠡ ᠬᠤᠳᠠ ᠪᠠᠶᠢᠭᠤᠯᠤᠭᠰᠠᠨ | ᠪᠤᠯᠬᠤᠷ ᠢᠩᠭᠡᠵᠦ ᠨᠡᠷᠡᠶᠢᠳᠴᠡᠢ᠃ | ᠰᠦᠩ ᠡᠤ ᠶᠢᠩ ᠽᠢ ᠳᠤᠰᠬᠤᠨ ᠤ ᠠᠷᠠᠳ ᠤᠨ ᠵᠦᠪᠯᠡᠯ ︵宋五营子村村民委员 | 会︶᠄ ᠰᠦᠩᠡᠤ ᠭᠡᠳᠡᠭ ᠨᠢ ᠬᠦᠮᠦᠨ ᠤᠨ ᠨᠡᠷ᠎ᠡ ᠪᠤᠯᠤᠨ᠎ᠠ᠃ ᠮᠢᠩ ᠤᠯᠤᠰ ᠤᠨ ᠡᠬᠢᠨ ᠤ ᠦᠶ᠎ᠡ ᠳᠤ᠂ ᠠᠳᠡ | ᠢᠷᠡᠵᠦ ᠨᠤᠳᠤᠭᠰᠢᠨ ᠰᠠᠭᠤᠭᠰᠠᠨ ᠪᠤᠯᠬᠤᠷ ᠢᠩᠭᠡᠵᠦ ᠨᠡᠷᠡᠶᠢᠳᠴᠡᠢ᠃ | ᠰᠢ ᠱᠧ ᠳᠤᠰᠬᠤᠨ ᠤ ᠠᠷᠠᠳ ᠤᠨ ᠵᠦᠪᠯᠡᠯ ︵西社村村民委员会︶᠄ ᠰᠢ ᠱᠧ | — ᠮᠢᠩ ᠤᠯᠤᠰ ᠤᠨ ᠦᠶ᠎ᠡ ᠳᠤ᠂ ᠵᠠᠩ ᠯᠠᠢ ᠱᠦᠨ ᠶᠢᠩ ᠽᠢ ᠭᠡᠵᠦ ᠨᠡᠷᠡᠶᠢᠳᠴᠦ ᠪᠠᠶᠢᠵᠠᠢ᠂ ᠪᠤᠭᠤᠳᠤ ᠰᠢᠶᠠᠨ ᠤ | ᠰᠢᠨ ᠮᠢᠨ ᠰᠢᠶᠠᠩ ᠳᠤ ᠬᠠᠷᠢᠶᠠᠯᠠᠭᠳᠠᠵᠦ᠂ ᠵᠡᠭᠦᠨ ᠪᠠᠷᠠᠭᠤᠨ ᠬᠤᠶᠠᠷ ᠬᠤᠷᠰᠢᠶ᠎ᠠ ᠬᠤᠪᠢᠶᠠᠵᠦ ᠪᠠᠶᠢᠵᠠᠢ᠃ | ᠡᠭᠦᠨᠡᠴᠠ ᠬᠤᠶᠢᠰᠢ ᠬᠦᠮᠦᠰ ᠳᠠᠳᠬᠠᠯ ᠢᠶᠠᠷ ᠡᠨᠡ ᠳᠤᠰᠬᠤᠨ ᠢ“ ᠰᠢ ᠱᠧ”ᠭᠡᠵᠦ ᠨᠡᠷᠡᠶᠢᠳᠴᠦ᠂1958 ᠤᠨ | ᠤ ᠶᠡᠭᠡ ᠨᠢᠭᠡᠳᠤᠯᠵᠢᠯᠳᠡ ᠶᠢᠨ ᠦᠶ᠎ᠡ ᠳᠤ“ ᠰᠢ ᠱᠧ ᠶᠡᠭᠡ ᠨᠢᠭᠡᠳᠦᠯ” ᠭᠡᠵᠦ ᠨᠡᠷᠡᠶᠢᠳᠬᠦ ᠪᠤᠯᠵᠠᠢ᠃ | ᠸᠠᠩ ᠤᠨ ᠵᠤᠤ ᠳᠤᠰᠬᠤᠨ ᠤ ᠠᠷᠠᠳ ᠤᠨ ᠵᠦᠪᠯᠡᠯ ︵王爱召村村民委员会︶᠄ | ᠪᠠᠯᠭᠠᠰᠤᠨ ᠤ ᠨᠡᠷ᠎ᠡ ᠪᠠᠷ ᠨᠡᠷᠡᠶᠢᠳᠴᠡᠢ᠃ | ᠰᠢᠨ ᠮᠢᠨ ᠪᠤᠤ ᠳᠤᠰᠬᠤᠨ ᠤ ᠠᠷᠠᠳ ᠤᠨ ᠵᠦᠪᠯᠡᠯ ︵新民堡村村民委员会︶᠄ | 1933 ᠤᠨ ᠳᠤ᠂ ᠳ᠋ᠦᠩ ᠳ᠋ᠠ ᠨᠢᠭᠡᠳᠦᠯ ᠨᠢ ᠦᠶᠡᠷ ᠲᠤ ᠠᠪᠳᠠᠵᠦ᠂ ᠲᠠᠷᠢᠶᠠᠴᠢᠳᠦᠨᠳᠦᠷ ᠭᠠᠵᠠᠷ ᠨᠢᠭᠡ | ᠬᠤᠳᠠ ᠪᠠᠶᠢᠭᠤᠯᠵᠦ᠂ ᠪᠠᠶᠠᠴᠤᠳ ᠡᠨᠡᠬᠦ ᠬᠤᠲᠠ ᠶᠢᠨ ᠳᠦᠷᠪᠡᠨ ᠲᠠᠯ᠎ᠠ ᠪᠠᠷ ᠪᠠᠬᠢᠯᠡᠯᠳᠡ ᠪᠠᠶᠢᠭᠤᠯᠤᠭᠰᠠᠨ ᠪᠤᠯᠬᠤᠷ | ᠢᠩᠭᠡᠵᠦ ᠨᠡᠷᠡᠶᠢᠳᠴᠡᠢ᠃ | ᠬᠤᠸᠠᠩ ᠨᠢᠦ ᠶᠢᠩ ᠽᠢ ᠳᠤᠰᠬᠤᠨ ᠤ ᠠᠷᠠᠳ ᠤᠨ ᠵᠦᠪᠯᠡᠯ ︵黄牛营子村村民委 | 员会︶᠄ ᠠᠳᠡᠬᠢ ᠰᠠᠭᠤᠭᠠᠯᠢ ᠠᠷᠠᠳ ᠰᠢᠦᠸᠠᠢ ᠬᠤᠸᠠᠩ ᠨᠢᠦ ᠤᠨ ᠨᠡᠷ᠎ᠡ ᠪᠠᠷ ᠨᠡᠷᠡᠶᠢᠳᠴᠡᠢ᠃ | | |