ᠪᠠᠢ ᠨᠢ ᠵᠢᠩ ᠪᠠᠯᠭᠠᠰᠤᠨ ᠤ ᠨᠡᠷ᠎ᠡ ᠶᠢᠨ ᠢᠷᠡᠯᠳᠡ
ᠨᠡᠶᠢᠲᠡᠯᠡᠭᠰᠡᠨ ᠴᠠᠭ᠄
2018/12/17
     ᠴᠢᠩ ᠤᠯᠤᠰ ᠤᠨ ᠦᠶ᠎ᠡ ᠳᠤ᠂ ᠠᠳᠡ ᠨᠢᠭᠡᠨ ᠴᠠᠭᠠᠨ ᠱᠦᠢᠨᠢ ᠮᠠᠯᠳᠠᠳᠠᠭ ᠬᠤᠳᠳᠤᠭ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃      ᠬᠠᠶᠢᠯᠠᠰᠤ ᠳᠤᠰᠬᠤᠨ ᠤ ᠠᠷᠠᠳ ᠤᠨ ᠵᠦᠪᠯᠡᠯ ︵海勒素村村民委员会︶᠄  ᠴᠢᠩ ᠤᠯᠤᠰ ᠤᠨ ᠦᠶ᠎ᠡ ᠳᠤ᠂ ᠠᠳᠡ ᠨᠢᠭᠡᠨ ᠦᠬᠦᠮᠡᠯ ᠨᠠᠭᠤᠷ ᠪᠠᠶᠢᠵᠦ᠂ ᠬᠠᠵᠠᠭᠤ ᠬᠠᠪᠢ ᠪᠠᠷ ᠨᠢ ᠬᠠᠶᠢᠯᠠᠰᠤᠨ ᠮᠤᠳᠤ ᠤᠷᠭᠤᠳᠠᠭ ᠪᠤᠯᠬᠤᠷ ᠢᠩᠭᠡᠵᠦ ᠨᠡᠷᠡᠶᠢᠳᠴᠡᠢ᠃       ᠡᠾᠸᠦ ᠵᠢᠶᠠ ᠶᠢᠩ ᠽᠢ ᠳᠤᠰᠬᠤᠨ ᠤ ᠠᠷᠠᠳ ᠤᠨ ᠵᠦᠪᠯᠡᠯ ︵侯家营子村村民委员会︶᠄ 1937 ᠤᠨ ᠳᠤ᠂ ᠹᠦ᠋ ᠭᠦ᠋ ᠰᠢᠶᠠᠨ ᠠᠴᠠ ᠡᠾᠸᠦ ᠤᠪᠤᠭᠳᠤ ᠠᠶᠢᠯ ᠨᠡᠭᠦᠨ ᠢᠷᠡᠵᠦ ᠠᠳᠡ ᠨᠤᠳᠤᠭᠯᠠᠭᠰᠠᠨ ᠠᠴᠠ ᠪᠤᠯᠵᠦ ᠢᠩᠭᠡᠵᠦ ᠨᠡᠷᠡᠶᠢᠳᠴᠡᠢ᠃       ᠳᠤᠯᠤᠭᠠᠨ ᠶᠤᠤ ᠽᠢ ᠳᠤᠰᠬᠤᠨ ᠤ ᠠᠷᠠᠳ ᠤᠨ ᠵᠦᠪᠯᠡᠯ ︵道劳窑子村村民委员会︶᠄  ᠠᠳᠡ ᠲᠤᠯᠤᠭᠠᠨ ᠨᠦᠬᠡᠨ ᠭᠡᠷ ᠪᠠᠶᠢᠭᠰᠠᠨ ᠠᠴᠠ ᠪᠤᠯᠵᠦ ᠢᠩᠭᠡᠵᠦ ᠨᠡᠷᠡᠶᠢᠳᠴᠡᠢ᠃       ᠤᠪᠤᠭᠠᠨ ᠰᠢᠯᠢ ᠳᠤᠰᠬᠤᠨ ᠤ ᠠᠷᠠᠳ ᠤᠨ ᠵᠦᠪᠯᠡᠯ ︵敖包梁村村民委员会︶᠄ ᠠᠳᠡᠬᠢ ᠠᠭᠤᠯᠠᠨ ᠬᠦᠪᠴᠢᠨ ᠳᠤ ᠨᠢᠭᠡ ᠤᠪᠤᠭ᠎ᠠ ᠪᠠᠶᠢᠭᠰᠠᠨ ᠠᠴᠠ ᠪᠤᠯᠵᠦ ᠢᠩᠭᠡᠵᠦ ᠨᠡᠷᠡᠶᠢᠳᠴᠡᠢ᠃       ᠯᠢᠦ ᠴᠠᠩ ᠭᠸᠦ ᠳᠤᠰᠬᠤᠨ ᠤ ᠠᠷᠠᠳ ᠤᠨ ᠵᠦᠪᠯᠡᠯ ︵刘长沟村村民委员会︶᠄ ᠴᠢᠩ ᠤᠯᠤᠰ ᠤᠨ ᠰᠡᠭᠦᠯᠴᠢ ᠵᠢᠨ‌ᠦᠶ᠎ᠡ ᠳᠤ᠂ ᠯᠢᠦ ᠴᠠᠩ ᠭᠡᠳᠡᠭ ᠬᠦᠮᠦᠨ ᠠᠳᠡ‌ᠨᠤᠳᠤᠭᠯᠠᠨ ᠰᠠᠭᠤᠵᠦ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃       ᠮᠣᠬᠤᠷ ᠭᠤᠤᠯ ᠤᠨ ᠳᠤᠰᠬᠤᠨ ᠤ ᠠᠷᠠᠳ ᠤᠨ ᠵᠦᠪᠯᠡᠯ ︵母哈日沟村村民委员会︶᠄ ᠠᠳᠡᠬᠢ ᠭᠤᠤᠯ ᠨᠢ ᠶᠠᠭ ᠯᠠ ᠮᠤᠷᠤᠶᠢᠭᠰᠠᠨ ᠭᠤᠤ ᠬᠡᠯᠪᠡᠷᠢ ᠲᠠᠢ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃       ᠱᠢ ᠵᠢᠶᠠᠩ ᠶᠤᠤ ᠽᠢ ᠳᠤᠰᠬᠤᠨ ᠤ ᠠᠷᠠᠳ ᠤᠨ ᠵᠦᠪᠯᠡᠯ ︵石匠窑子村村民委员会︶᠄ ᠴᠢᠯᠦᠭᠡᠯᠡᠬᠦ ᠠᠴᠠ ᠡᠮᠦᠨ᠎ᠡ᠂ ᠠᠳᠡ ᠨᠢᠭᠡᠨ ᠬᠠᠳᠠᠨ ᠳᠠᠷᠬᠠᠨ ᠪᠠᠶᠢᠵᠦ᠂ ᠦᠪᠡᠷ ᠤᠨ ᠦᠴᠦᠬᠡᠨ ᠭᠠᠷ ᠤᠷᠠᠯᠠᠯ ᠢᠶᠠᠨ ᠳᠦᠰᠢᠨ ᠨᠢᠭᠡᠨ ᠨᠦᠬᠡᠨ ᠭᠡᠷ ᠲᠤ ᠠᠵᠦ ᠳᠦᠷᠦᠨ ᠠᠮᠢᠳᠤᠷᠠᠵᠦ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃        ᠬᠦᠪᠳᠦ ᠶᠢᠨ ᠰᠢᠯᠢ ᠳᠤᠰᠬᠤᠨ ᠤ ᠠᠷᠠᠳ ᠤᠨ ᠵᠦᠪᠯᠡᠯ ︵河图梁村村民委员会︶ ᠠᠳᠡ ᠬᠦᠪᠳᠦ ᠶᠡᠭᠡ ᠪᠠᠷ ᠤᠷᠭᠤᠳᠠᠭ ᠪᠠᠶᠢᠭᠰᠨ ᠪᠤᠯᠬᠤᠷ ᠢᠩᠭᠡᠵᠦ ᠨᠡᠷᠡᠶᠢᠳᠴᠡᠢ᠃        ᠰᠢᠨ ᠮᠢᠨ ᠴᠢᠤᠢ ᠳᠤᠰᠬᠤᠨ ᠤ ᠠᠷᠠᠳ ᠤᠨ ᠵᠦᠪᠯᠡᠯ ︵新民渠村村民委员会︶ 1958 ᠤᠨ ᠤ ᠠᠷᠠᠳ ᠤᠨ ᠶᠡᠭᠡ ᠨᠢᠭᠡᠳᠦᠯᠵᠢᠯᠳᠡ ᠶᠢᠨ ᠦᠶ᠎ᠡ ᠳᠤ᠂ ᠶᠠᠩ ᠵᠢᠶᠠ ᠴᠢᠦᠢ ᠪᠠᠷᠢᠭᠠᠳᠠ ᠭᠡᠵᠦ ᠨᠡᠷᠡᠯᠡᠵᠦ᠂1966 ᠤᠨ ᠤ ᠰᠤᠶᠤᠯ ᠤᠨ ᠶᠡᠭᠡ ᠬᠤᠪᠢᠰᠬᠠᠯ ᠤᠨ ᠦᠶ᠎ᠡ ᠳᠤ ᠨᠡᠷ᠎ᠡ ᠪᠠᠨ ᠦᠭᠡᠷᠡᠴᠢᠯᠡᠭᠡᠳ ᠰᠢᠨ ᠮᠢᠨ ᠴᠢᠦᠢ ᠪᠤᠯᠭᠠᠭᠰᠠᠨ ᠠᠴᠠ ᠢᠩᠭᠡᠵᠦ ᠨᠡᠷᠡᠶᠢᠳᠴᠡᠢ᠃       ᠶᠠᠨ ᠳ᠋ᠢᠶᠠᠨ ᠳᠤᠰᠬᠤᠨ ᠤ ᠠᠷᠠᠳ ᠤᠨ ᠵᠦᠪᠯᠡᠯ ︵盐店村村民委员会︶᠄ 1949 ᠤᠨ ᠠᠴᠠ ᠡᠮᠦᠨ᠎ᠡ᠂ ᠨᠢᠭᠡ ᠲᠡᠮᠡᠭᠡ ᠬᠦᠳᠦᠯᠦᠭᠰᠡᠨ ᠳᠠᠪᠤᠰᠤ ᠠᠷᠠᠯᠵᠢᠶᠠᠯᠠᠳᠠᠭ ᠮᠠᠶᠢᠮᠠᠶᠢᠴᠢᠨ ᠠᠳᠡᠬᠢ ᠨᠢᠭᠡ ᠪᠠᠭ᠎ᠠ ᠳᠡᠯᠭᠡᠭᠦᠷ ‍ᠤᠨ‌ᠡᠮᠦᠨᠡᠭᠦᠷ ᠳᠠᠩᠳᠠ‌ᠦᠩᠭᠡᠷᠡᠳᠡᠭ ᠪᠤᠯᠬᠤᠷ ᠢᠩᠭᠡᠵᠦ ᠨᠡᠷᠡᠶᠢᠳᠴᠡᠢ᠃        ᠭᠦᠨ ᠤᠰᠤ ᠳᠤᠰᠬᠤᠨ ᠤ ᠠᠷᠠᠳ ᠤᠨ ᠵᠦᠪᠯᠡᠯ ︵公乌素村村民委员会︶᠄ ᠠᠳᠡ ᠨᠢᠭᠡᠨ ᠬᠦᠨ ᠤᠰᠤᠨ ᠴᠦᠬᠦᠷᠦᠮ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃       ᠪᠠᠢ ᠨᠢ ᠵᠢᠩ ᠳᠤᠰᠬᠤᠨ ᠤ ᠠᠷᠠᠳ ᠤᠨ ᠵᠦᠪᠯᠡᠯ ︵白泥井村村民委员会︶᠄ ᠴᠢᠩ ᠤᠯᠤᠰ ᠤᠨ ᠦᠶ᠎ᠡ ᠳᠤ᠂ ᠠᠳᠡ ᠨᠢᠭᠡᠨ ᠴᠠᠭᠠᠨ ᠱᠦᠢᠨᠢ ᠮᠠᠯᠳᠠᠳᠠᠭ ᠬᠤᠳᠳᠤᠭ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃      ᠴᠢ ᠹᠧᠨ ᠽᠢ ᠳᠤᠰᠬᠤᠨ ᠤ ᠠᠷᠠᠳ ᠤᠨ ᠵᠦᠪᠯᠡᠯ ︵七分子村村民委员会︶᠄ ᠴᠢᠯᠦᠭᠡᠯᠡᠬᠦ ᠠᠴᠠ ᠡᠮᠦᠨ᠎ᠡ᠂ ᠳᠠᠯᠠᠳ ᠬᠤᠰᠢᠭᠤᠨ ᠤ ᠸᠠᠩ ᠨᠤᠶᠠᠨ  ᠭᠠᠵᠠᠷ ᠨᠤᠳᠤᠭ ᠢᠶᠠᠨ ᠬᠤᠪᠢ ᠬᠤᠪᠢᠶᠠᠨ ᠳᠦᠷᠢᠶᠡᠰᠦᠯᠡᠵᠦ᠂ ᠠᠳᠡᠬᠢ ᠲᠠᠷᠢᠶᠠᠴᠢᠳ ᠲᠤᠯᠤᠭᠠᠨ ᠬᠤᠪᠢ ᠭᠠᠵᠠᠷ ᠨᠤᠳᠤᠭ ᠶᠢ ᠨᠢ ᠳᠦᠷᠢᠶᠠᠰᠦᠯᠡᠭᠰᠡᠨ ᠪᠤᠯᠬᠤᠷ ᠢᠩᠭᠡᠵᠦ ᠨᠡᠷᠡᠶᠢᠳᠴᠡᠢ᠃       ᠴᠠᠶᠢᠳᠠᠮ ᠳᠤᠰᠬᠤᠨ ᠤ ᠠᠷᠠᠳ ᠤᠨ ᠵᠦᠪᠯᠡᠯ  ︵柴登村村民委员会︶᠄ ᠠᠳᠡᠬᠢ ᠭᠠᠵᠠᠷ ᠨᠤᠳᠤᠭ ᠨᠢ ᠴᠠᠶᠢᠳᠠᠮ ᠠᠳᠠᠯᠢ ᠳᠡᠭᠰᠢ ᠲᠡᠨᠢᠭᠦᠨ‌ᠦᠷᠭᠡᠨ ᠠᠭᠤᠳᠠᠮ ᠪᠠᠶᠢᠭᠰᠠᠨ‌‍ᠪᠤᠯᠬᠤᠷ ᠢᠩᠭᠡᠵᠦ ᠨᠡᠷᠡᠶᠢᠳᠴᠡᠢ᠃       ᠲᠠᠩᠭᠤᠳ ᠳᠣᠰᠬᠤᠨ ᠤ ᠠᠷᠠᠳ ᠤᠨ ᠵᠦᠪᠯᠡᠯ ︵唐公营村村民委员会︶᠄  ᠮᠢᠩ  ᠤᠨ ᠡᠬᠢᠨ ᠤ ᠦᠶ᠎ᠡ ᠳᠤ᠂ ᠠᠳᠡ ᠨᠢᠭᠡ ᠳᠠᠩᠭᠤᠳ ᠯᠠᠮ᠎ᠠ ᠢᠷᠡᠭᠰᠡᠨ ᠪᠤᠯᠬᠤᠷ ᠢᠩᠭᠡᠵᠦ ᠨᠡᠷᠡᠶᠢᠳᠴᠡᠢ᠃       ᠶᠡᠭᠡ ᠨᠠᠷᠢᠨ ᠭᠤᠤᠯ ᠳᠤᠰᠬᠤᠨ ᠤ ᠠᠷᠠᠳ ᠤᠨ ᠵᠦᠪᠯᠡᠯ ︵大纳林村村民委员会︶᠄  ᠠᠳᠡᠬᠢ ᠭᠤᠤᠯ ᠨᠢ ᠤᠷᠳᠤ ᠮᠦᠷᠳᠡᠭᠡᠨ ᠨᠠᠷᠢᠨ ᠪᠠᠶᠢᠳᠠᠭ ᠪᠤᠯᠬᠤᠷ ᠢᠩᠭᠡᠵᠦ ᠨᠡᠷᠡᠶᠢᠳᠴᠡᠢ᠃                                  
ᠢᠷᠡᠯᠲᠡ᠄ 《 ᠳᠠᠯᠠᠳ ᠬᠤᠰᠢᠭᠤᠨ ᠤ ᠭᠠᠵᠠᠷ ᠤᠨ ᠨᠡᠷᠡᠰ ᠤᠨ ᠰᠤᠶᠤᠯ》 ᠭᠡᠬᠦ ᠨᠤᠮ‌ᠡᠴᠠ ᠤᠷᠴᠢᠭᠤᠯᠤᠨ ᠪᠠᠭᠤᠯᠭᠠᠪᠠ᠃