ᠵᠡᠭᠡᠰᠦᠲᠠᠢ ᠪᠠᠯᠭᠠᠰᠤᠨ ᠤ ᠨᠡᠷ᠎ᠡ ᠶᠢᠨ ᠢᠷᠡᠯᠳᠡ
ᠨᠡᠶᠢᠲᠡᠯᠡᠭᠰᠡᠨ ᠴᠠᠭ᠄
2018/12/20
      ᠠᠳᠡ ᠵᠡᠭᠡᠰᠦ ᠠᠷᠪᠢᠨ ᠣᠷᠭᠤᠳᠠᠭ ᠪᠤᠯᠬᠤᠷ ᠢᠩᠭᠡᠵᠦ ᠨᠡᠷᠡᠶᠢᠳᠴᠡᠢ᠃       ᠤᠯᠠᠭᠠᠨ ᠬᠤᠭᠤᠯᠠᠢ ᠳᠤᠰᠬᠤᠨ ᠤ ᠠᠷᠠᠳ ᠤᠨ ᠵᠦᠪᠯᠡᠯ ︵乌兰壕村村民委员会︶᠄  ᠪᠠᠶᠢᠭᠠᠯᠢ ᠶᠢᠨ ᠭᠠᠵᠠᠷ ᠤᠨ ᠪᠠᠶᠢᠴᠠ ᠪᠠᠷ ᠨᠢ ᠨᠡᠷᠡᠶᠢᠳᠴᠡᠢ᠃        ᠰᠠᠨ ᠶᠠᠨ ᠵᠢᠩ ᠳᠣᠰᠬᠤᠨ ᠤ ᠠᠷᠠᠳ ᠤᠨ ᠵᠦᠪᠯᠡᠯ  ︵三眼井村村民委员会︶  ᠮᠢᠩ ᠤᠯᠤᠰ ᠤᠨ ᠦᠶ᠎ᠡ ᠳᠤ᠂ ᠠᠳᠡ ᠭᠤᠷᠪᠠᠨ ᠤᠰᠤᠨ ᠬᠤᠳᠳᠤᠭ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃       ᠮᠠ ᠴᠠᠩ ᠬᠤᠤ ᠳᠤᠰᠬᠤᠨ ᠤ ᠠᠷᠠᠳ ᠤᠨ ᠵᠦᠪᠯᠡᠯ ︵马场壕村村民委员会︶᠄ ᠴᠢᠩ ᠤᠯᠤᠰ ᠤᠨ ᠦᠶ᠎ᠡ ᠳᠤ᠂ ᠠᠳᠡ ᠠᠳᠤᠭᠤ ᠠᠳᠤᠭᠤᠯᠬᠤ ᠳᠤ ᠳᠤᠬᠢᠷᠠᠮᠵᠢᠳᠠᠢ ᠪᠤᠯᠬᠤᠷ ᠢᠩᠭᠡᠵᠦ ᠨᠡᠷᠡᠶᠢᠳᠴᠡᠢ᠃       ᠭᠦᠦᠰᠢ ᠶᠢᠨ ᠰᠦᠮ᠎ᠡ ᠳᠤᠰᠬᠤᠨ ᠤ ᠠᠷᠠᠳ ᠤᠨ ᠵᠦᠪᠯᠡᠯ ︵沟心召村村民委员会︶᠄  ᠵᠡᠭᠡᠰᠦᠲᠠᠢ ᠶᠢᠨ ᠭᠦᠦᠰᠢ ᠶᠢᠨ ᠰᠦᠮ᠎ᠡ ᠨᠢ ᠴᠢᠩ ᠤᠯᠤᠰ ᠤᠨ ᠲᠦᠭᠡᠮᠡᠯ ᠡᠯᠪᠡᠭᠳᠦ ᠶᠢᠨ ᠦᠶ᠎ᠡ ᠳᠤ ᠪᠠᠶᠢᠭᠤᠯᠵᠦ᠂ ᠠᠷᠪᠠᠨ ᠬᠡᠳᠦᠨ ᠯᠠᠮ᠎ᠠ ᠲᠠᠢ ᠪᠢᠴᠢᠬᠠᠨ ᠰᠦᠮ᠎ᠡ ᠪᠠᠶᠢᠵᠠᠢ᠃ ᠭᠦᠦᠰᠢ ᠭᠡᠳᠡᠭ ᠨᠢ ᠯᠠᠮ᠎ᠠ ᠶᠢᠨ ᠡᠷᠳᠡᠮ  ᠤᠨ ᠴᠤᠯᠠ ᠶᠢᠨ ᠨᠡᠷᠡᠶᠢᠳᠦᠯ ᠤᠨ ᠨᠢᠭᠡ ᠪᠠᠶᠢᠵᠦ᠂ ᠳᠤᠰᠬᠠᠶᠢᠯᠠᠨ ᠪᠤᠷᠬᠠᠨ ᠤ ᠨᠤᠮ ᠤᠨ ᠤᠷᠴᠢᠭᠤᠯᠬᠤ ᠠᠵᠢᠯ ᠢ ᠬᠢᠳᠡᠭ᠃        ᠯᠢᠦ ᠭᠸᠦ ᠳᠤᠰᠬᠤᠨ ᠤ ᠠᠷᠠᠳ ᠤᠨ ᠵᠦᠪᠯᠡᠯ ︵柳沟村村民委员会︶᠄  ᠠᠳᠡ ᠳ᠋ᠦᠩ ᠯᠢᠦ ᠭᠸᠦ ᠭᠡᠳᠡᠭ ᠭᠤᠤ ᠪᠠᠶᠢᠭᠰᠠᠨ ᠪᠤᠯᠬᠤᠷ ᠢᠩᠭᠡᠵᠦ ᠨᠡᠷᠡᠶᠢᠳᠴᠡᠢ᠃        ᠵᠠᠩ ᠢ ᠴᠧᠩ ᠶᠤᠤ ᠳᠤᠰᠬᠤᠨ ᠤ ᠠᠷᠠᠳ ᠤᠨ ᠵᠦᠪᠯᠡᠯ ︵张义成窑村村民委员会︶᠄ ᠪᠠᠳᠠᠷᠠᠭᠤᠯᠳᠤ ᠲᠦᠷᠦ ᠶᠢᠨ ᠦᠶ᠎ᠡ ᠳᠤ᠂ ᠵᠠᠩ ᠢ ᠴᠠᠩ ᠱᠠᠨᠰᠢ ᠮᠤᠵᠢ ᠠᠴᠠ ᠨᠡᠭᠦᠨ ᠢᠷᠡᠵᠦ ᠨᠢᠭᠡ ᠨᠦᠬᠡᠨ ᠭᠡᠷ ᠪᠠᠷᠢᠭᠰᠠᠨ ᠪᠤᠯᠬᠤᠷ ᠢᠩᠭᠡᠵᠦ ᠨᠡᠷᠡᠶᠢᠳᠴᠡᠢ᠃      
ᠢᠷᠡᠯᠲᠡ᠄ 《 ᠳᠠᠯᠠᠳ ᠬᠤᠰᠢᠭᠤᠨ ᠤ ᠭᠠᠵᠠᠷ ᠤᠨ ᠨᠡᠷᠡᠰ ᠤᠨ ᠰᠤᠶᠤᠯ》 ᠭᠡᠬᠦ ᠨᠤᠮ‌ᠡᠴᠠ ᠤᠷᠴᠢᠭᠤᠯᠤᠨ ᠪᠠᠭᠤᠯᠭᠠᠪᠠ᠃