ᠨᠠᠰᠤᠨᠳᠡᠯᠭᠡᠷ ᠬᠢᠬᠡᠳ ᠳᠡᠭᠦᠨ ᠤ ᠭᠠᠷᠳᠠᠨ ᠡᠷᠬᠢᠯᠡᠭᠰᠡᠨ ᠬᠠᠩᠬ᠎ᠠ ᠳᠠᠬᠢ ᠬᠡᠷᠡᠭ ᠡᠷᠬᠢᠯᠡᠬᠦ ᠭᠠᠵᠠᠷ ᠤᠨ ᠳᠤᠬᠠᠢ
ᠨᠡᠶᠢᠲᠡᠯᠡᠭᠰᠡᠨ ᠴᠠᠭ᠄
2018/12/25
       ᠨᠢᠭᠡ᠂ ᠨᠠᠰᠤᠨᠳᠡᠯᠭᠡᠷ        1945 ᠤᠨ ᠤ 8 ᠰᠠᠷ᠎ᠠ ᠶᠢᠨ15 ᠳᠤ ᠶᠡᠫᠤᠨ ᠡᠵᠡᠷᠬᠡᠭ ᠳᠦᠷᠢᠮᠡᠬᠡᠶᠢᠳᠡᠨ ᠪᠠᠭᠤᠨ ᠦᠭᠭᠦᠭᠰᠡᠨ ᠤ ᠳᠠᠷᠠᠭ᠎ᠠ᠂  ᠶᠠᠫᠤᠨ ᠢ ᠳᠦᠰᠢᠵᠦ ᠪᠠᠶᠢᠭᠰᠠᠨ ᠵᠠᠯᠢᠬᠠᠢ ᠨᠠᠷ ᠪᠦᠷ ᠬᠤᠰᠢᠭᠤ ᠬᠤᠰᠢᠭᠤᠨ ᠳᠠᠭᠠᠨ ᠬᠠᠷᠢᠪᠠ᠃ ᠨᠠᠰᠤᠨᠳᠡᠯᠭᠡᠷ ᠴᠤ ᠳᠠᠯᠠᠳ ᠬᠤᠰᠢᠭᠤᠨ ᠳᠠᠭᠠᠨ ᠬᠠᠷᠢᠵᠦ ᠢᠷᠡᠵᠡᠢ᠃ ᠲᠡᠷᠡ ᠬᠡᠳᠦᠶᠢᠪᠡᠷ ᠺᠠᠩ ︵ᠺᠠᠨᠳᠠᠨᠳᠤᠷᠵᠢ︶ ᠸᠠᠩ ᠤᠨ ᠦᠶ᠎ᠡ ᠳᠤ ᠬᠤᠰᠢᠭᠤ ᠨᠤᠶᠠᠨ ᠤ ᠠᠶᠢᠯᠠᠳᠬᠠᠯ ᠤᠨ ᠠᠵᠢᠯ ᠢ ᠬᠢᠵᠦ ᠪᠠᠶᠢᠭᠰᠠᠨ ᠪᠤᠯᠪᠠᠴᠦ ᠺᠠᠩ ᠸᠠᠩ ᠨᠢᠭᠡᠨᠳᠡ ᠡᠪᠡᠳᠴᠢᠨ ᠢᠶᠠᠷ ᠨᠠᠰᠤᠯᠠᠵᠦ ᠲᠡᠭᠦᠨ ᠤ ᠳᠡᠭᠦᠦ ᠸᠠᠩ ᠫᠧᠩ ᠴᠧᠩ ︵ᠮᠠᠨᠵᠦ ᠬᠠᠳᠤᠨ ᠠᠴᠠ ᠭᠠᠷᠤᠭᠰᠠᠨ ᠬᠦᠦ︶ ᠵᠠᠰᠠᠭ ᠴᠡᠷᠢᠭ ᠤᠨ ᠪᠦᠬᠦ ᠡᠷᠬᠡ ᠶᠢ ᠠᠳᠬᠤᠵᠦ ᠪᠠᠶᠢᠬᠤ ᠪᠤᠯᠬᠤᠷ ᠨᠠᠰᠤᠨᠳᠡᠯᠭᠡᠷ ᠤᠨ ᠪᠠᠶᠢᠷᠢ ᠰᠠᠭᠤᠷᠢ ᠨᠢᠭᠡᠨᠳᠡ ᠦᠭᠡᠢ ᠪᠤᠯᠴᠢᠬᠠᠪᠠ᠃        ᠭᠡᠳᠡᠯ᠎ᠡ ᠲᠡᠷᠡ ᠪᠤᠯ ᠪᠢᠴᠢᠭ ᠡᠷᠳᠡᠮ ᠲᠠᠢ ᠪᠦᠭᠡᠳ ᠡᠶᠡᠯᠳᠡᠭ ᠬᠦᠩᠭᠡᠮᠰᠦᠭ ᠳᠤᠭᠳᠠᠭᠤᠨ ᠨᠤᠮᠤᠬᠠᠨ ᠬᠦᠮᠦᠨ ᠲᠤᠯᠠ ᠳᠠᠯᠠᠳ ᠬᠤᠰᠢᠭᠤᠨ ᠤ ᠠᠷᠠᠳ ᠤᠨ ᠳᠤᠮᠳᠠ ᠨᠡᠯᠢᠶᠡᠳ ᠨᠡᠷ᠎ᠡ ᠬᠦᠨᠳᠦᠳᠡᠢ᠂ ᠴᠢᠳᠠᠪᠤᠷᠢᠳᠠᠢ ᠳᠤ ᠳᠤᠭᠠᠴᠢᠭᠳᠠᠵᠦ ᠪᠠᠶᠢᠭᠰᠠᠨ ᠪᠢᠯᠡ᠃        ᠸᠠᠩ ᠫᠧᠩ ᠴᠧᠩ ᠵᠠᠰᠠᠭ ᠴᠡᠷᠢᠭ ᠤᠨ ᠶᠡᠭᠡ ᠡᠷᠬᠡ ᠶᠢ ᠠᠳᠬᠤᠵᠦ ᠲᠤᠷ᠎ᠠ ᠲᠠᠪᠠ ᠪᠠᠷ ᠢᠶᠠᠨ ᠠᠭᠠᠰᠢᠯᠠᠵᠦ ᠪᠠᠷᠢᠬᠤ ᠳᠤ ᠬᠠᠭᠤᠴᠢᠨ ᠤ ᠨᠡᠷ᠎ᠡ ᠬᠦᠨᠳᠦᠳᠡᠢ ᠬᠦᠮᠦᠰ ᠢ ᠵᠡᠷᠭᠡ ᠵᠢᠩᠰᠡ ᠦᠭᠡᠢ ᠬᠠᠵᠠᠭᠤ ᠳᠠᠭᠠᠨ ᠪᠠᠶᠢᠯᠭᠠᠪᠠᠯ ᠲᠡᠭᠦᠨ ᠤ ᠨᠤᠶᠠᠷᠬᠠᠯ ᠳᠤ ᠠᠰᠢᠭ ᠦᠭᠡᠢ ᠭᠡᠵᠦ᠂ ᠨᠢᠭᠡ ᠳᠤ ᠨᠠᠰᠤᠨᠳᠡᠯᠭᠡᠷ ᠢ ᠪᠡᠶ᠎ᠡ ᠠᠴᠠ ᠪᠠᠨ ᠬᠤᠯᠠᠳᠠᠭᠤᠯᠬᠤ᠂ ᠬᠤᠶᠠᠷ ᠲᠤ ᠡᠵᠡᠭᠦᠢ ᠬᠠᠶᠠᠭᠳᠠᠭᠰᠠᠨ ᠬᠠᠩᠬ᠎ᠠ ᠶᠢᠨ ᠭᠤᠷᠪᠠᠨ ᠵᠠᠭᠤᠨ ᠢ ᠬᠠᠮᠢᠶᠠᠷᠴᠦ ᠡᠵᠡᠩᠨᠡᠭᠦᠯᠬᠦ ᠶᠢᠨ ᠳᠤᠰᠠᠳᠠ ᠲᠡᠭᠦᠨ ᠢ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠪᠠᠷ ᠲᠤᠮᠢᠯᠠᠵᠠᠢ᠃        ᠲᠠᠪᠢ ᠭᠠᠷᠤᠭᠰᠠᠨ ᠨᠠᠰᠤᠨᠳᠡᠯᠭᠡᠷ ᠱᠤ᠋ ᠯᠢᠨ ᠵᠤᠤ ᠠᠴᠠ ᠮᠤᠷᠳᠠᠬᠤ ᠳᠤ ᠪᠠᠨ ᠪᠠᠢ ᠠᠨ ᠰᠢ᠂ ᠳ᠋ᠦ᠋ ᠵᠠᠨ ᠰᠠᠨ ᠵᠡᠷᠭᠡ ᠬᠡᠳᠦᠬᠡᠨ ᠬᠦᠮᠦᠨ ᠢ ᠳᠠᠭᠠᠭᠤᠯᠵᠦ ᠬᠠᠩᠬ᠎ᠠ ᠶᠢᠨ ᠭᠤᠷᠪᠠᠨ ᠵᠠᠭᠤᠨ ᠤ ᠨᠤᠳᠤᠭ ᠲᠤ ᠬᠦᠷᠪᠡ᠃        ᠬᠤᠶᠠᠷ᠂ ᠨᠠᠰᠤᠨᠳᠡᠯᠭᠡᠷ ᠤᠨ ᠭᠠᠷᠳᠠᠭᠰᠠᠨ ᠬᠠᠩᠬ᠎ᠠ ᠶᠢᠨ ᠬᠡᠷᠡᠭ ᠡᠷᠬᠢᠯᠡᠬᠦ ᠭᠠᠵᠠᠷ        1. ᠳᠠᠯᠠᠳ ᠤᠨ ᠬᠠᠩᠬ᠎ᠠ ᠶᠢᠨ ᠭᠤᠷᠪᠠᠨ ᠵᠠᠭᠤᠨ        ᠬᠠᠩᠬ᠎ᠠ ᠶᠢᠨ ᠭᠤᠷᠪᠠᠨ ᠵᠠᠭᠤᠨ ᠢ ᠵᠡᠭᠦᠨ ᠵᠠᠭᠤᠨ᠂ ᠳᠤᠮᠳᠠ ᠵᠠᠭᠤᠨ᠂ ᠪᠠᠷᠠᠭᠤᠨ ᠵᠠᠭᠤᠨ ᠭᠡᠵᠦ ᠬᠤᠪᠢᠶᠠᠵᠦ ᠪᠠᠶᠢᠵᠠᠢ᠃ ᠲᠡᠷᠡ ᠨᠢ ᠳᠠᠯᠠᠳ ᠨᠤᠶᠠᠨ ᠲᠦᠮᠡᠨᠪᠠᠶᠠᠷ ᠤᠨ ᠦᠶ᠎ᠡ ᠳᠤ ︵ᠪᠠᠳᠠᠷᠠᠭᠤᠯᠳᠤ ᠲᠦᠷᠦ ᠶᠢᠨ ᠬᠤᠷᠢ ᠶᠢᠰᠤᠳᠤᠭᠡᠷ ᠤᠨ︶ ᠭᠤᠮᠢᠨᠳᠠᠩ ᠤᠨ ᠴᠡᠷᠢᠭ ᠤᠨ ᠡᠷᠬᠡᠳᠡᠨ ᠠᠴᠠ ᠸᠠᠩ ᠭᠦᠩ ᠨᠤᠶᠠᠳ ᠲᠤ  ᠳᠠᠷᠤᠯᠳᠠ ᠦᠭᠴᠦ 《 ᠦᠨᠢᠳᠡ ᠳᠦᠷᠢᠶᠡᠰᠦᠯᠡᠬᠦ ᠭᠠᠵᠠᠷ》ᠬᠤᠶᠠᠷ ᠮᠢᠩᠭᠠᠨ ᠴᠢᠩ《 ᠳᠦᠷᠪᠡᠨ ᠬᠤᠪᠢ ᠶᠢᠨ ᠵᠢᠩᠬᠢᠨᠢ ᠭᠠᠵᠠᠷ》 ᠨᠢᠭᠡ ᠮᠢᠩᠭ᠎ᠠ ᠬᠤᠶᠠᠷ ᠵᠠᠭᠤᠨ ᠬᠤᠷᠢᠨ ᠨᠠᠢᠮᠠᠨ ᠴᠢᠩ《ᠳᠦᠷᠪᠡᠨ ᠬᠤᠪᠢ ᠶᠢᠨ ᠵᠢᠩᠬᠢᠨᠢ ᠭᠠᠵᠠᠷ》ᠨᠢᠭᠡ ᠮᠢᠩᠭ᠎ᠠ ᠳᠦᠷᠪᠡᠨ ᠵᠠᠭᠤᠨ ᠬᠤᠷᠢᠨ ᠴᠢᠩ ᠳᠡᠭᠡᠰᠦᠯᠡᠨ ᠦᠭᠴᠦ ᠠᠳᠠᠷ ᠬᠠᠭᠠᠯᠪᠤᠷᠢᠯᠠᠭᠰᠠᠨ ᠪᠠᠶᠢᠨ᠎ᠠ ᠃ ᠡᠨᠡ ᠤᠴᠢᠷ ᠠᠴᠠ ᠬᠠᠳᠤᠨ ᠭᠤᠤᠯ ᠤᠨ ᠬᠦᠪᠡᠭᠡ ᠳᠠᠬᠢ ᠦᠩᠰᠢᠭ ᠰᠠᠶᠢᠬᠠᠨ ᠰᠷᠠᠭᠤᠯ ᠨᠤᠳᠤᠭ ᠤᠨ ᠮᠠᠯᠴᠢᠨ ᠠᠷᠠᠯᠳᠤ ᠲᠡᠷᠭᠡ ᠪᠠᠨ ᠬᠦᠯᠢᠵᠦ ᠠᠳᠤᠭᠤ ᠮᠠᠯ ᠢᠶᠠᠨ ᠲᠠᠭᠤᠵᠦ ᠡᠷᠭᠡᠨ ᠬᠠᠷᠠᠭᠰᠠᠭᠠᠷ ᠡᠩᠭᠡᠷ ᠲᠦᠭᠦᠷᠡᠩ ᠨᠢᠯᠪᠤᠰᠤ᠂ ᠡᠷᠬᠢᠴᠡᠭᠦᠯᠦᠨ  ᠪᠤᠳᠤᠭᠰᠠᠭᠠᠷ ᠡᠪᠴᠢᠭᠦᠦ ᠳᠦᠭᠦᠷᠡᠩ ᠭᠤᠨᠢᠭ ᠲᠠᠢ ᠪᠠᠷ ᠳᠦᠷᠪᠡᠨ ᠵᠦᠭ ᠲᠤ ᠰᠠᠷᠨᠢᠵᠤᠬᠤᠢ᠃ ᠡᠳᠡᠭᠡᠷ ᠠᠮᠢᠳᠤᠷᠠᠬᠤ ᠶᠢᠨ ᠠᠷᠭ᠎ᠠ ᠦᠭᠡᠢ ᠪᠤᠯᠤᠭᠰᠠᠨ ᠮᠠᠯᠴᠢᠨ ᠪᠤᠳᠠᠷᠠᠨ ᠶᠠᠪᠤᠭᠰᠠᠭᠠᠷ ᠠᠯᠠᠱᠠ᠂ ᠡᠵᠡᠨ᠎ᠡ᠂ ᠤᠯᠠᠭᠠᠨᠴᠠᠪ᠂ ᠳᠠᠷᠬᠠᠨ ᠮᠤᠤᠮᠢᠩᠭᠠᠨ ᠵᠡᠷᠭᠡ ᠭᠠᠵᠠᠷ ᠤᠳ ᠲᠤ ᠨᠡᠭᠦᠳᠡᠯᠯᠡᠨ ᠤᠴᠢᠭᠰᠠᠨ ᠪᠠᠶᠢᠨ᠎ᠠ᠃       ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠤᠨ ᠪᠠᠶᠢᠭᠤᠯᠤᠮᠵᠢ ᠶᠢ ᠪᠠᠶᠢᠭᠤᠯᠤᠭᠰᠠᠨ ᠨᠢ ᠨᠠᠰᠤᠨᠳᠡᠯᠭᠡᠷ ᠳᠠᠭᠠᠭᠤᠯᠤᠭᠠᠳ ᠭᠠᠷᠣᠭᠰᠠᠨ ᠬᠡᠳᠦᠨ ᠬᠦᠮᠦᠨ ᠲᠠᠢ ᠪᠠᠨ ᠬᠠᠮᠳᠤ ᠳᠦᠨᠵᠢᠨ ᠮᠠᠶᠢᠷᠠᠨ ᠤ ᠬᠠᠭᠤᠴᠢᠨ ᠨᠤᠳᠤᠭ ᠳᠡᠭᠡᠷ᠎ᠡ ᠬᠦᠷᠴᠦ ᠮᠤᠩᠭᠤᠯ ᠭᠡᠷ ᠪᠤᠰᠬᠠᠨ ᠰᠠᠭᠤᠵᠠᠢ᠃ ᠲᠡᠷᠡ ᠠᠵᠢᠯ ᠢᠶᠠᠨ ᠰᠠᠶᠢᠨ ᠶᠠᠪᠤᠭᠳᠠᠭᠤᠯᠬᠤ ᠶᠢᠨ ᠲᠦᠯᠦᠭᠡ ᠂ ᠳᠤᠰ ᠭᠠᠵᠠᠷ ᠤᠨ ᠰᠡᠭᠡᠭᠡᠳᠡᠨ ᠨᠠᠷ ᠢ ᠴᠢᠬᠤᠯᠠᠴᠢᠯᠠᠨ ᠬᠡᠷᠡᠭᠯᠡᠵᠦ᠂ ᠳᠡᠳᠡᠨᠠᠷ ᠲᠠᠢ ᠬᠠᠮᠳᠤ ᠪᠠᠷ ᠶᠠᠷᠢᠯᠴᠠᠭᠠᠳ ᠠᠪᠤᠨ ᠲᠤᠤᠷ᠎ᠠ ᠪᠠᠨ ᠬᠢᠬᠦ ᠠᠵᠢᠯ ᠢ ᠪᠠᠶᠢᠷᠢᠯᠠᠭᠤᠯᠤᠭᠰᠠᠨ ᠤ ᠬᠠᠮᠳᠤ ᠲᠦᠩ ᠵᠢᠶᠠ ᠭᠧ ᠯᠢᠶᠠᠩ ᠳᠤ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠪᠠᠶᠢᠭᠤᠯᠪᠠ᠃ ᠡᠨᠡ ᠬᠦ ᠬᠡᠷᠡᠭ ᠡᠷᠬᠢᠯᠡᠬᠦ ᠭᠠᠵᠠᠷ ᠲᠤ ᠬᠤᠶᠠᠷ ᠪᠠᠶᠢᠭᠤᠯᠤᠮᠵᠢ ᠲᠠᠢ᠃ ᠨᠢᠭᠡ  ᠨᠢ ᠵᠠᠰᠠᠭ ᠵᠠᠬᠢᠷᠭ᠎ᠠ ᠶᠢᠨ ᠳᠠᠰᠤᠭ᠂ ᠨᠦᠭᠦᠭᠡ ᠨᠢ ᠠᠮᠤᠷ ᠢ ᠬᠠᠮᠭᠠᠯᠠᠬᠤ ᠠᠩᠭᠢ ᠪᠢᠯᠡ᠃ ᠭᠠᠵᠠᠷ ᠤᠨ ᠳᠠᠷᠤᠭ᠎ᠠ ᠵᠠᠩ ᠢᠩ ᠯᠠᠨ᠂ ᠵᠠᠰᠠᠭ ᠵᠠᠬᠢᠷᠭ᠎ᠠ ᠶᠢᠨ ᠳᠠᠰᠤᠭ ᠤᠨ ᠳᠠᠷᠤᠭ᠎ᠠ ᠬᠤᠸᠠᠩ ᠵᠢᠢ ᠮᠢᠨ᠂ ᠠᠷᠣ ᠤᠳᠠᠰᠤᠨ ᠤ ᠬᠠᠮᠢᠶᠠᠷᠤᠭᠴᠢ ᠲᠠᠩ ᠰᠢ ᠽᠦᠩ᠂ ᠠᠮᠤᠷ ᠢ ᠬᠠᠮᠠᠭᠠᠯᠠᠬᠤ ᠠᠩᠭᠢ ᠶᠢᠨ ᠳᠠᠷᠤᠭ᠎ᠠ ᠲᠠᠷᠢᠪᠠᠯ ᠵᠡᠷᠭᠡ ᠬᠦᠮᠦᠰ ᠪᠤᠯᠤᠨ᠎ᠠ      ᠨᠠᠰᠤᠨᠳᠡᠯᠭᠡᠷ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠪᠠᠶᠢᠭᠤᠯᠤᠭᠰᠠᠨ ᠳᠤ ᠭᠤᠷᠪᠠᠨ ᠵᠠᠭᠤᠨ ᠤ ᠲᠤᠮᠤᠭᠠᠳᠠᠨ ᠂ ᠭᠤᠷᠪᠠᠨ ᠱᠠᠩ ᠤᠨ ᠢᠵᠠᠭᠤᠷᠳᠠᠨ ᠨᠠᠷ ᠲᠤᠩ ᠳᠤᠷ᠎ᠠ ᠦᠭᠡᠶᠢᠴᠡᠵᠦ ᠪᠠᠶᠢᠪᠠ᠃ ᠭᠡᠳᠡᠯ᠎ᠡ ᠨᠠᠰᠤᠨᠳᠡᠯᠭᠡᠷ ᠤᠳᠠᠭᠠᠨ ᠵᠢᠯ ᠠᠯᠪᠠᠨ ᠤ ᠠᠵᠢᠯ ᠬᠢᠵᠦ ᠪᠠᠶᠢᠭᠰᠠᠨ ᠳᠤᠷᠰᠢᠯᠭ᠎ᠠ ᠲᠠᠢ ᠬᠦᠮᠦᠨ ᠲᠤᠯᠠ ᠭᠠᠳᠠᠨ᠎ᠠ ᠠᠴᠠ ᠶᠠᠭᠠᠬᠢᠵᠦ ᠬᠦᠢᠳᠡᠨ ᠵᠢᠭᠡᠬᠦᠨ ᠢᠶᠠᠷ ᠬᠠᠷᠰᠢᠯᠠᠵᠦ ᠪᠠᠶᠢᠭᠰᠠᠨ ᠴᠤ ᠬᠢᠬᠦ ᠪᠠᠨ ᠬᠢᠵᠦ ᠯᠠ ᠪᠠᠶᠢᠭᠰᠠᠨ᠃      ① ᠭᠤᠷᠪᠠᠨ ᠵᠠᠭᠤᠨ ᠤ ᠭᠠᠵᠠᠷ ᠨᠤᠳᠤᠭ ᠢ ᠨᠠᠷᠢᠨ ᠪᠦᠷᠢᠳᠬᠡᠵᠦ ᠠᠪᠬᠤ ᠶᠢᠨ ᠳᠤᠰᠠᠲᠠ ᠮᠠᠯᠴᠢᠳ ᠤᠨ ᠬᠤᠳᠠ ᠰᠠᠭᠤᠷᠢᠰᠢᠯ ᠢᠶᠠᠷ ᠲᠤᠭᠤᠷᠢᠨ᠂ ᠡᠪᠦᠭᠡᠨ ᠨᠠᠰᠤᠳᠠᠶᠢᠴᠤᠳ ᠲᠠᠢ ᠶᠠᠷᠢᠯᠴᠠᠵᠦ ᠠᠮᠢᠨ ᠲᠡᠵᠢᠭᠡᠯ ᠤᠨ ᠭᠠᠵᠠᠷ᠂ ᠰᠦᠮ᠎ᠡ ᠬᠡᠶᠢᠳ ᠤᠨ ᠭᠠᠵᠠᠷ᠂ ᠮᠠᠯᠴᠢᠳ ᠤᠨ ᠮᠠᠯ ᠤᠨ ᠪᠡᠯᠴᠢᠭᠡᠷ ᠵᠡᠷᠭᠡ ᠶᠢ ᠳᠤᠰ ᠳᠤᠰ ᠲᠤᠨᠢ ᠰᠠᠶᠢᠬᠠᠨ ᠪᠦᠷᠢᠳᠬᠡᠭᠰᠡᠨ ᠳᠠᠩᠰᠠ ᠡᠪᠬᠡᠮᠡᠯ ᠬᠢᠵᠦ ᠭᠠᠷᠭᠠᠵᠠᠢ᠃      ② ᠠᠳᠠᠷ ᠬᠠᠭᠠᠯᠪᠤᠷᠢᠯᠠᠯᠳᠠ ᠠᠴᠠ ᠪᠤᠯᠵᠦ ᠨᠤᠳᠤᠭ ᠤᠰᠤ ᠠᠴᠠ ᠪᠠᠨ ᠰᠠᠯᠵᠦ ᠶᠠᠪᠤᠭᠰᠠᠨ ᠮᠠᠯᠴᠢᠳ ᠢ ᠤᠭ ᠨᠤᠳᠤᠭ ᠲᠠᠭᠠᠨ ᠪᠤᠴᠠᠵᠦ ᠢᠷᠡᠳᠦᠭᠡᠢ ᠬᠡᠮᠡᠨ ᠵᠠᠷᠯᠠᠪᠠ᠃ᠭᠤᠷᠪᠠ᠂  ᠵᠠᠷᠭᠤ ᠬᠢᠭᠰᠡᠨ ᠤᠴᠢᠷ       ᠳᠠᠯᠠᠳ ᠬᠤᠰᠢᠭᠤᠨ ᠤ ᠬᠠᠩᠬ᠎ᠠ ᠶᠢᠨ ᠵᠠᠭᠤᠨ ᠤ ᠭᠠᠵᠠᠷ ᠨᠢ ᠪᠠᠷᠤᠭ ᠪᠦᠷ ᠬᠢᠳᠠᠳ ᠤᠨ ᠬᠤᠶᠠᠳᠤᠭᠠᠷ ᠭᠠᠵᠠᠷ ᠤᠨ ᠡᠵᠡᠨ ᠤ ᠡᠷᠬᠡᠰᠢᠶᠡᠯ ᠳᠤ ᠡᠵᠡᠮᠰᠢᠭᠳᠡᠵᠦ ᠪᠠᠶᠢᠪᠠ᠃ ᠳᠡᠳᠡᠭᠡᠷ ᠭᠠᠵᠠᠷ ᠤᠨ ᠡᠵᠡᠳ ᠤᠨ ᠤᠯᠠᠩᠬᠢ ᠨᠢ ᠭᠤᠮᠢᠨᠳᠠᠩ ᠤᠨ ᠵᠠᠰᠠᠭ ᠴᠡᠷᠢᠭ ᠤᠨ ᠡᠷᠬᠡ ᠰᠦᠷᠳᠡᠨ ᠲᠤᠯᠠ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠢ ᠤᠶᠢᠰᠢᠶᠠᠬᠤ ᠦᠭᠡᠢ ᠮᠦᠷᠳᠡᠭᠡᠨ ᠤᠭᠳᠤ ᠵᠦᠪᠰᠢᠶᠡᠷᠡᠬᠦ ᠦᠭᠡᠢ ᠪᠠᠶᠢᠯ᠎ᠠ᠃       ᠡᠨᠡ ᠦᠶᠡᠰ ᠬᠠᠩᠬ᠎ᠠ ᠶᠢᠨ ᠵᠡᠭᠦᠨ ᠵᠠᠭᠤᠨ ᠤ ᠲᠠᠪᠢᠨ ᠪᠠᠶᠠᠨᠴᠠᠭᠠᠨ ᠭᠡᠳᠡᠭ ᠬᠦᠮᠦᠨ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠲᠤ ᠢᠷᠡᠵᠦ ᠪᠠᠢ ᠹᠧᠩ ᠡᠤ ᠬᠡᠭᠴᠢ ᠭᠠᠵᠠᠷ ᠤᠨ ᠡᠵᠡᠨ ᠠᠴᠠ ᠭᠠᠵᠠᠷ ᠢᠶᠠᠨ ᠡᠬᠡᠭᠦᠯᠦᠨ ᠠᠪᠬᠤ  ᠪᠠᠷ ᠵᠡᠷᠭᠤᠯᠠᠪᠠ᠃ ᠵᠠᠯᠭᠠᠪᠠᠷ ᠰᠧ ᠵᠢᠩ ᠪᠠᠨ ᠳᠠᠶᠢᠵᠢ ᠡᠩᠬᠡᠪᠦᠷᠢᠨ ᠵᠡᠷᠭᠡ ᠡᠷᠦᠬᠡ ᠤᠳ ᠴᠤ ᠢᠷᠡᠵᠦ ᠭᠠᠵᠠᠷ ᠢᠶᠠᠨ ᠡᠬᠡᠭᠦᠯᠦᠨ ᠠᠪᠬᠤ ᠳᠤᠬᠠᠢ ᠵᠠᠷᠭᠤ ᠬᠢᠵᠡᠢ᠃       ᠪᠠᠶᠢᠴᠠᠭᠠᠬᠤᠯ᠎ᠠ᠂ ᠳᠠᠯᠠᠳ ᠬᠤᠰᠢᠭᠤᠨ ᠤ ᠬᠠᠩᠬ᠎ᠠ ᠶᠢᠨ ᠬᠠᠷᠠᠴᠦ ᠠᠷᠠᠳ ᠪᠠᠶᠠᠨᠴᠠᠭᠠᠨ ᠤ ᠳᠡᠭᠡᠳᠦᠰ ᠨᠢ ᠳᠠᠯᠠᠳ ᠸᠠᠩ ᠤᠨ ᠳᠤᠤᠷ᠎ᠠ ᠠᠯᠪᠠ ᠬᠠᠭᠠᠵᠦ ᠪᠠᠶᠢᠵᠠᠢ᠃ ᠲᠡᠷᠡ ᠠᠵᠢᠯ ᠠᠴᠠ ᠪᠠᠨ ᠴᠢᠯᠦᠭᠡᠯᠡᠭᠳᠡᠵᠦ ᠭᠡᠷ ᠲᠡᠭᠡᠨ ᠬᠠᠷᠢᠬᠤ ᠳᠤ ᠨᠤᠶᠠᠨ ᠱᠠᠩ ᠠᠴᠠ ᠲᠡᠭᠦᠨ ᠳᠤ ᠳᠠᠰᠢᠭᠤᠷ ᠤᠨ ᠦᠵᠦᠭᠦᠷ ᠢᠶᠠᠷ ᠨᠢᠭᠡ ᠭᠡᠰᠡᠭ ᠭᠠᠵᠠᠷ ᠵᠢᠭᠠᠨ ᠦᠭᠴᠦ ᠭᠡᠨ᠎ᠡ᠃ ︵ᠤᠳᠤ ᠶᠢᠨ ᠭᠠᠵᠠᠷ ᠤᠨ ᠨᠢᠭᠡᠴᠡ ᠪᠠᠷ ᠪᠠᠷᠤᠭ ᠲᠦᠮᠡᠨ ᠮᠤ᠋ ᠬᠢᠷᠢ ᠬᠤᠯᠤᠰᠤ ᠳᠡᠷᠡᠰᠦ ᠬᠠᠯᠢᠭᠤᠷᠠᠭᠰᠠᠨ ᠦᠩ ᠰᠢᠮᠡᠯᠢᠭ ᠪᠡᠯᠴᠢᠭᠡᠷ ᠪᠠᠶᠢᠵᠠᠢ᠃︶       ᠴᠢᠩ ᠤᠯᠤᠰ ᠤᠨ ᠰᠡᠭᠦᠯᠴᠢ᠂ ᠢᠷᠭᠡᠨ ᠤᠯᠤᠰ ᠤᠨ ᠡᠬᠢᠨ ᠢᠶᠠᠷ ᠪᠠᠢ ᠤᠪᠤᠭ ᠲᠠᠢ ᠵᠠᠬ᠎ᠠ ᠶᠢᠨ ᠠᠷᠠᠯᠵᠢᠶᠠᠴᠢᠨ ᠠᠴᠠ ᠳᠡᠳᠡᠨ ᠤ ᠳᠡᠭᠡᠳᠦᠰ ᠲᠠᠢ ᠰᠢᠳᠡᠷ ᠶᠠᠪᠤᠯᠴᠠᠵᠦ᠂ ᠲᠡᠭᠦᠨ ᠤ ᠳᠡᠭᠡᠳᠦᠰ ᠲᠤ᠄ ᠠᠨᠳᠠ ᠮᠢᠨᠢ ᠴᠢ ᠡᠶᠢᠮᠦ ᠶᠡᠭᠡ ᠭᠠᠵᠠᠷ ᠲᠠᠢ ᠶᠤᠮ ᠴᠢᠨᠢ ᠠᠨᠳᠠ ᠪᠠᠷ ᠢᠶᠠᠨ ᠨᠢᠭᠡ ᠭᠡᠰᠡᠭ ᠭᠠᠵᠠᠷ ᠬᠠᠮᠢᠶᠠᠷᠠᠭᠤᠯᠪᠠᠯ ᠴᠢᠮᠠᠳᠤ ᠠᠰᠢᠭ ᠲᠠᠢ ᠬᠡᠮᠡᠨ ᠤᠷᠠᠨ ᠦᠭᠡ ᠬᠡᠯᠡᠵᠦ ᠠᠷᠭᠠᠳᠠᠨ ᠭᠤᠶᠤᠬᠤᠯᠠᠷ ᠨᠢᠭᠡ ᠭᠡᠰᠡᠭ ᠭᠠᠵᠠᠷ ᠢᠶᠠᠨ ᠦᠨᠡᠭᠡᠷ ᠲᠡᠭᠦᠨ  ᠳᠤ ᠦᠭᠴᠦ ᠬᠠᠮᠢᠶᠠᠷᠠᠭᠤᠯᠤᠭᠰᠠᠨ ᠪᠠᠶᠢᠨ᠎ᠠ᠃ ᠲᠡᠷᠡ ᠵᠠᠬ᠎ᠠ ᠶᠢᠨ ᠠᠷᠠᠯᠵᠢᠶᠠᠴᠢᠨ ᠭᠠᠵᠠᠷ ᠢ ᠬᠤᠪᠢᠶᠠᠨ ᠠᠪᠤᠭᠠᠳ ᠦᠪᠡᠰᠦᠪᠡᠨ ᠲᠠᠷᠢᠭᠰᠠᠨ ᠪᠢᠰᠢ᠂ ᠬᠠᠷᠢᠨ ᠳᠤᠳᠤᠷ ᠭᠠᠵᠠᠷ ᠠᠴᠠ ᠨᠢᠭᠡ ᠪᠦᠯᠦᠭ ᠬᠦᠯᠦᠰᠦᠨ ᠲᠠᠷᠢᠶᠠᠴᠢᠨ ᠢ ᠨᠡᠭᠦᠯᠭᠡᠨ ᠠᠪᠴᠢᠷᠠᠵᠦ ᠭᠠᠵᠠᠷ ᠲᠠᠷᠢᠭᠤᠯᠤᠭᠠᠳ ᠳᠤᠮᠳᠠ ᠠᠴᠠ ᠨᠢ ᠭᠠᠵᠠᠷ ᠤᠨ ᠳᠦᠷᠢᠶᠡᠰᠦ ᠢᠳᠡᠵᠦ ᠤᠨ ᠤᠳᠠᠵᠠᠢ᠃       ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠨᠢ ᠮᠠᠯᠴᠢᠳ ᠤᠨ ᠵᠠᠷᠭᠤ ᠶᠢ ᠦᠨᠳᠦᠰᠦᠯᠡᠨ᠂ ᠡᠤ ᠶᠤᠸᠠᠨ ᠰᠢᠶᠠᠨ  ᠤ ᠵᠠᠬᠢᠷᠭ᠎ᠠ ᠳᠤ ᠬᠦᠮᠦᠨ ᠲᠤᠮᠢᠯᠠᠨ ᠤᠴᠢᠭᠤᠯᠵᠦ ᠭᠠᠵᠠᠷ ᠢᠶᠠᠨ ᠪᠤᠴᠠᠭᠠᠨ ᠠᠪᠬᠤ ᠳᠤᠬᠠᠢ ᠵᠠᠷᠭᠤ ᠬᠢᠵᠠᠢ᠃ ᠭᠡᠳᠡᠯ᠎ᠡ ᠲᠡᠷᠡ ᠬᠦ ᠵᠠᠬᠢᠷᠭ᠎ᠠ ᠨᠢ ᠶᠡᠷᠦ ᠶᠤᠰᠤ ᠬᠡᠯᠡᠬᠦ ᠦᠭᠡᠢ ᠮᠦᠷᠳᠡᠭᠡᠨ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠭᠡᠳᠡᠭ ᠢ ᠴᠤ ᠤᠭᠳᠤ ᠵᠦᠪᠰᠢᠶᠡᠷᠡᠬᠦ ᠦᠭᠡᠢ ᠮᠦᠷᠳᠡᠭᠡᠨ᠂ ᠴᠢᠨᠠᠭᠰᠢᠳᠠ ᠳᠡᠳᠡ ᠬᠠᠷᠢᠨ ᠬᠡᠷᠡᠭ ᠡᠷᠬᠢᠯᠡᠬᠦ ᠭᠠᠵᠠᠷ  ᠠᠴᠠ ᠤᠴᠢᠭᠰᠠᠨ ᠠᠵᠢᠯᠳᠠᠨ ᠢ ᠰᠢᠶᠠᠨ ᠤ ᠵᠠᠬᠢᠷᠭ᠎ᠠ ᠶᠢᠨ ᠭᠠᠵᠠᠷ ᠠᠴᠠ ᠪᠠᠨ ᠰᠦᠷᠳᠡᠭᠦᠯᠦᠭᠡᠳ ᠬᠦᠭᠡᠭᠡᠵᠦ ᠭᠠᠷᠭᠠᠵᠠᠢ᠃        ᠳᠠᠷᠠᠭ᠎ᠠ ᠨᠢ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠠᠴᠠ ᠰᠢᠭᠤᠳ ᠡᠤ ᠶᠤᠸᠠᠨ ᠰᠢᠶᠠᠨ ᠲᠠᠢ ᠬᠡᠯᠡᠯᠴᠡᠵᠦ ᠪᠠᠶᠢᠭᠠᠳ ᠬᠤᠶᠠᠷ ᠡᠳᠡᠭᠡᠳ ᠠᠴᠠ ᠰᠢᠶᠠᠨ ᠤ ᠭᠠᠵᠠᠷ ᠲᠤ ᠬᠡᠯᠡᠯᠴᠡᠭᠡ ᠬᠢᠯ᠎ᠡ᠃ ᠭᠡᠪᠡᠴᠦ ᠳᠤᠰ ᠤᠳᠠᠭᠠᠨ ᠤ ᠬᠡᠯᠡᠯᠴᠡᠭᠡᠷ ᠨᠢ ᠲᠤᠬᠠᠢ ᠶᠢᠨ ᠦᠶ᠎ᠡ ᠶᠢᠨ ᠮᠠᠯ ᠲᠠᠷᠢᠶᠠᠯᠠᠩ ᠤᠨ ᠵᠦᠷᠢᠴᠡᠯ᠂ ᠦᠨᠳᠦᠰᠦᠳᠡᠨ ᠤ ᠵᠦᠷᠢᠴᠡᠯ᠂ ᠵᠠᠬ᠎ᠠ ᠰᠠᠪᠠ ᠶᠢᠨ ᠵᠦᠷᠢᠴᠡᠯ ᠵᠡᠷᠭᠡ ᠲᠤᠩ ᠠᠷᠪᠢᠨ ᠮᠦᠷᠭᠦᠯᠳᠦᠭᠡᠨ ᠡᠳᠦᠷ ᠠᠴᠠ ᠡᠳᠦᠷ ᠬᠤᠷᠴᠠᠳᠴᠦ ᠪᠠᠶᠢᠭᠰᠠᠨ ᠲᠤᠯᠠ ᠬᠡᠷᠡᠭ ᠡᠷᠬᠢᠯᠡᠬᠦ ᠭᠠᠵᠠᠷ ᠤᠨ ᠬᠢᠨ ᠬᠡᠳᠦᠶᠢᠪᠡᠷ ᠬᠦᠴᠦᠯᠡᠭᠰᠡᠨ ᠪᠤᠯᠪᠠᠴᠤ ᠬᠡᠨ ᠠᠯᠢᠨ ᠳᠠᠭᠠᠨ ᠢᠯᠳᠡᠷ ᠬᠠᠶᠠᠬᠤ ᠦᠭᠡᠢ ᠰᠢᠷᠤᠭᠦᠨ ᠮᠠᠷᠭᠤᠯᠳᠤᠭᠠᠳ ᠶᠠᠮᠠᠷᠴᠦ ᠦᠷ᠎ᠡ ᠳ᠋ᠦᠩ ᠦᠭᠡᠢ ᠳᠡᠭᠦᠰᠴᠡᠢ᠃       ᠳᠦᠷᠪᠡ᠂ ᠭᠠᠵᠠᠷ ᠢᠶᠠᠨ ᠡᠬᠡᠭᠦᠯᠦᠨ ᠠᠪᠬᠤ ᠲᠤᠬᠠᠢ ᠬᠡᠷᠡᠭᠯᠡᠭᠰᠡᠨ ᠠᠷᠭ᠎ᠠ ᠬᠡᠮᠵᠢᠶ᠎ᠡ        ① ᠬᠡᠷᠡᠭ ᠡᠷᠬᠢᠯᠡᠬᠦ ᠭᠠᠵᠠᠷ ᠠᠴᠠ ᠮᠠᠯᠴᠢᠳ ᠤᠨ ᠭᠠᠵᠠᠷ ᠢ ᠰᠢᠢᠳᠪᠦᠷᠢᠯᠡᠵᠦ ᠦᠭᠬᠦ ᠶᠢᠨ ᠲᠦᠯᠦᠭᠡ ᠪᠠᠢ ᠹᠧᠩ ᠡᠤ ᠶᠢᠨ ᠭᠠᠷ ᠠᠴᠠ ᠪᠦᠬᠦᠢ ᠭᠠᠵᠠᠷ ᠤᠨ ᠪᠠᠳᠤ ᠪᠢᠴᠢᠭ ᠢ ᠠᠪᠴᠦ ᠦᠵᠡᠪᠡ᠃ ᠳᠤᠰ ᠭᠠᠵᠠᠷ ᠤᠨ ᠪᠠᠲᠤ ᠪᠢᠴᠢᠭ ᠲᠤ ᠢᠩᠭᠡᠵᠦ ᠪᠢᠴᠢᠵᠡᠢ᠄        ᠮᠤᠩᠭᠤᠯ ᠭᠠᠵᠠᠷ ᠤᠨ ᠡᠵᠡᠨ ᠨᠢ ᠬᠢᠳᠠᠳ ᠭᠠᠵᠠᠷ ᠤᠨ ᠡᠵᠡᠨ ᠠᠴᠠ ᠭᠠᠵᠠᠷ ᠢᠶᠠᠨ ᠡᠬᠡᠭᠦᠯᠦᠨ ᠠᠪᠴᠦ ᠪᠤᠯᠬᠤ ᠦᠭᠡᠢ᠂ ᠬᠠᠷᠢᠨ ᠬᠢᠳᠠᠳ ᠭᠠᠵᠠᠷ ᠤᠨ ᠡᠵᠡᠨ ᠨᠢ ᠭᠠᠵᠠᠷ ᠢᠶᠠᠨ ᠲᠠᠷᠢᠬᠤ ᠳᠤᠷ᠎ᠠ ᠦᠭᠡᠢ ᠪᠤᠯᠪᠠᠯ ᠮᠤᠩᠭᠤᠯ ᠭᠠᠵᠠᠷ ᠤᠨ ᠡᠵᠡᠨ ᠨᠢ ᠭᠠᠵᠠᠷ ᠢᠶᠠᠨ ᠪᠤᠴᠠᠭᠠᠨ ᠠᠪᠴᠦ ᠪᠤᠯᠤᠨ᠎ᠠ᠃ ᠬᠢᠳᠠᠳ ᠭᠠᠵᠠᠷ ᠤᠨ ᠡᠵᠡᠨ ᠨᠢ ᠨᠢᠭᠡ ᠴᠢᠩ ᠭᠠᠵᠠᠷ ᠲᠤ ᠮᠤᠩᠭᠤᠯ ᠭᠠᠵᠠᠷ ᠤᠨ ᠡᠵᠡᠨ ᠳᠡᠭᠡᠨ70 ᠮᠤ᠋ ᠶᠢᠨ ᠳᠦᠷᠢᠶᠡᠰᠦ ᠪᠤᠳᠤᠵᠦ᠂ ᠨᠢᠭᠡ ᠴᠢᠩ ᠭᠠᠵᠠᠷ ᠤᠨ ᠳᠦᠷᠢᠶᠡᠰᠦ ᠳᠤ2 ᠯᠠᠩ5 ᠴᠢᠨ‌ᠮᠦ᠋ᠩᠭᠦ ᠦᠭᠭᠦᠨ᠎ᠠ᠃ ᠴᠢᠩ ᠤᠯᠤᠰ ᠤᠨ ᠦᠶ᠎ᠡ ᠳᠤ ᠮᠦᠩᠭᠦ ᠪᠠᠷ ᠬᠡᠯᠡᠯᠴᠡᠵᠦ ᠳᠤᠬᠢᠷᠠᠭᠰᠠᠨ ᠪᠤᠯᠪᠠᠴᠦ ᠢᠷᠭᠡᠨ ᠤᠯᠤᠰ ᠤᠨ ᠡᠬᠢᠨ ᠤ ᠦᠶ᠎ᠡ ᠳᠤ ᠴᠠᠭᠠᠨ ᠲᠦᠭᠦᠷᠢᠭ ᠵᠠᠷᠤᠬᠤ ᠪᠤᠯᠤᠭᠰᠠᠨ ᠲᠤᠯᠠ ᠨᠢᠭᠡ ᠴᠢᠩ ᠭᠠᠵᠠᠷ ᠢ70 ᠮᠣ᠋ ᠪᠠᠷ ᠪᠤᠳᠤᠵᠦ᠂ ᠲᠠᠷᠢᠭᠰᠠᠨ ᠭᠠᠵᠠᠷ ᠲᠤ ᠨᠢ ᠴᠢᠬᠢ ᠪᠠᠷᠢᠭᠰᠠᠨ ᠪᠤᠯ ᠪᠤᠳᠤᠨ᠎ᠠ᠂ ᠬᠡᠷᠪᠡ ᠴᠢᠬᠢ ᠪᠠᠷᠢᠭᠰᠠᠨ ᠦᠭᠡᠢ ᠪᠤᠯ ᠪᠤᠳᠤᠬᠤ ᠦᠭᠡᠢ15 ᠴᠠᠭᠠᠨ ᠲᠦᠭᠦᠷᠢᠭ ᠦᠭᠴᠦ ᠪᠠᠶᠢᠪᠠ᠃ ᠰᠡᠭᠦᠯᠡᠷ ᠨᠢ ᠴᠠᠭᠠᠨ ᠲᠦᠭᠦᠷᠢᠭ ᠵᠠᠷᠤᠬᠤ ᠪᠠᠨ ᠪᠤᠯᠢᠭᠰᠠᠨ ᠳᠤ15 ᠴᠠᠭᠠᠰᠤᠨ ᠵᠤᠭᠤᠰ ᠦᠭᠬᠦ ᠪᠤᠯᠪᠠ᠃        ② ᠪᠠᠰᠠ ᠪᠠᠢ ᠬᠤᠸᠠᠨ ᠵᠠᠩ ᠭᠡᠳᠡᠭ ᠬᠦᠮᠦᠨ ᠡᠤ ᠶᠤᠸᠠᠨ ᠰᠢᠶᠠᠨ ᠤ ᠭᠤᠮᠢᠨᠳᠠᠩ ᠤᠨ ᠳ᠋ᠠᠩᠪᠦ᠋ ᠱᠦᠵᠢ  ᠶᠢᠨ ᠳᠤᠰᠢᠶᠠᠯ ᠳᠤᠷ ᠪᠠᠶᠢᠵᠦ᠂ ᠬᠤᠨᠢᠴᠢ ᠬᠡᠮᠡᠬᠦ ᠭᠠᠵᠷ ᠲᠤ ᠶᠡᠭᠡ ᠬᠡᠮᠵᠢᠶᠡᠨ ᠤ ᠭᠠᠵᠠᠷ ᠲᠠᠷᠢᠶ᠎ᠠ ᠡᠵᠡᠩᠨᠡᠭᠡᠳ ᠲᠠᠷᠢᠶᠠᠴᠢᠳ ᠢᠶᠠᠷ ᠳᠦᠷᠢᠶᠡᠰᠦᠯᠡᠨ ᠲᠠᠷᠢᠭᠤᠯᠵᠦ ᠪᠠᠶᠢᠪᠠ᠃ ᠲᠡᠷᠡ ᠪᠠᠶᠠᠵᠢᠬᠤ ᠳᠤᠳᠤᠮ ᠤᠯᠠᠮ ᠪᠠᠶᠠᠵᠢᠬᠤ ᠶᠢᠨ ᠲᠦᠯᠦᠭᠡ1947 ᠤᠨ ᠪᠤᠯᠬᠤ ᠳᠤ ᠬᠠᠷᠢᠨ ᠬᠡᠨ ᠬᠦᠮᠦᠨ ᠬᠡᠷᠪᠡ ᠲᠡᠭᠦᠨ ᠤ ᠭᠠᠵᠠᠷ ᠢ ᠲᠠᠷᠢᠬᠤ ᠳᠤ ᠬᠦᠷᠪᠡᠯ ᠲᠡᠷᠡ ᠬᠦᠮᠦᠨ ᠠᠴᠠ ᠬᠠᠪᠤᠷ ᠲᠤ100 ᠴᠠᠭᠠᠨ ᠵᠤᠭᠤᠰ ᠳᠤᠰᠢᠶᠠᠬᠤ ᠬᠡᠷᠡᠭᠳᠡᠢ᠃ ᠬᠡᠷᠪᠡ ᠵᠤᠭᠤᠰ ᠢᠶᠠᠨ ᠳᠤᠰᠢᠶᠠᠵᠦ ᠳᠡᠶᠢᠯᠬᠦ ᠦᠭᠡᠢ ᠪᠤᠯ ᠤᠤᠯ ᠤᠨ ᠬᠡᠴᠢᠨᠡᠨ ᠵᠢᠯ ᠢᠶᠠᠷ ᠮᠠᠯᠳᠠᠵᠦ ᠪᠤᠯᠪᠠᠰᠤᠷᠠᠭᠤᠯᠤᠨ ᠲᠠᠷᠢᠭᠰᠠᠨ ᠭᠠᠵᠠᠷ ᠢ ᠴᠤ ᠬᠠᠮᠢᠶᠠᠷᠬᠤ ᠦᠭᠡᠢ ᠪᠦᠭᠦᠳᠡ ᠶᠢ ᠡᠬᠡᠭᠦᠯᠦᠨ ᠠᠪᠴᠦ ᠭᠠᠳᠠᠨ᠎ᠠ ᠠᠴᠠ ᠦᠭᠡᠷ᠎ᠡ ᠬᠦᠮᠦᠰ ᠢ ᠬᠦᠯᠦᠰᠦᠯᠡᠨ ᠠᠪᠴᠦ ᠲᠠᠷᠢᠭᠤᠯᠬᠤ ᠭᠡᠪᠡ᠃ ᠢᠩᠬᠡᠬᠦ ᠳᠤ ᠶᠡᠭᠡ ᠠᠷᠪᠢᠨ ᠦᠭᠡᠶᠢᠭᠦᠦ ᠶᠠᠳᠠᠭᠤ ᠲᠠᠷᠢᠶᠠᠴᠢᠨ ᠭᠱᠠᠨ ᠵᠠᠭᠤᠷ᠎ᠠ ᠭᠠᠵᠠᠷ  ᠢᠶᠠᠨ ᠠᠯᠳᠠᠵᠦ ᠠᠮᠢᠳᠤᠷᠠᠬᠤ ᠵᠠᠮ ᠨᠢ ᠬᠠᠭᠠᠭᠳᠠᠬᠤ ᠳᠠᠪᠠᠭᠠᠨ ᠳᠡᠭᠡᠷ᠎ᠡ ᠪᠤᠯᠤᠭᠰᠠᠨ ᠲᠤᠯᠠ ᠲᠤᠶᠢᠯ ᠢᠶᠠᠷ ᠪᠠᠴᠢᠮᠳᠠᠨ ᠰᠠᠨᠳᠤᠷᠴᠤ ᠡᠬᠢᠯᠡᠵᠡᠢ᠃ ᠡᠭᠦᠨ ᠤ ᠳᠤᠬᠠᠢ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠠᠴᠠ ᠬᠤᠸᠠᠩ ᠵᠢᠢ ᠮᠢᠨ ᠢ ᠲᠤᠮᠢᠯᠠᠨ ᠳᠡᠳᠡᠭᠡᠷ ᠶᠠᠳᠠᠭᠤ ᠲᠠᠷᠢᠶᠠᠴᠢᠳ ᠲᠠᠢ ᠭᠠᠵᠠᠷ ᠤᠨ ᠠᠰᠠᠭᠤᠳᠠᠯ ᠢ ᠵᠦᠪᠳᠡᠯᠴᠡᠭᠦᠯᠪᠡ᠃ ᠤᠶᠢᠯᠠᠭᠠᠬᠤᠯ᠎ᠠ ᠳᠡᠳᠡᠨᠤᠰ ᠤᠨ ᠡᠨᠡ ᠲᠠᠷᠢᠵᠦ ᠪᠠᠶᠢᠭ᠎ᠠ ᠭᠠᠵᠠᠷ ᠪᠤᠯ ᠬᠡᠷᠡᠭ ᠳᠡᠭᠡᠷ᠎ᠡ ᠪᠠᠨ ᠪᠠᠢ ᠬᠤᠸᠠᠨ ᠵᠠᠩ ᠤᠨ ᠭᠠᠵᠠᠷ ᠪᠢᠰᠢ᠂ ᠬᠠᠷᠢᠨ ᠬᠠᠩᠬ᠎ᠠ ᠶᠢᠨ ᠮᠠᠯᠴᠢᠳ ᠤᠨ ᠭᠠᠵᠠᠷ ᠭᠡᠨ᠎ᠡ᠃ ᠡᠶᠢᠮᠦ ᠠᠴᠠ ᠲᠡᠷᠡ ᠲᠠᠷᠢᠶᠠᠴᠢᠳ ᠬᠡᠯᠡᠵᠦ ᠦᠭᠭᠦᠭᠰᠡᠨ ᠨᠢ᠂ ᠤᠳᠤ ᠪᠢᠳᠡ ᠶᠠᠭ ᠰᠠᠶᠢᠬᠠᠨ ᠭᠠᠵᠠᠷ ᠢᠶᠠᠨ ᠡᠬᠡᠭᠦᠯᠦᠨ ᠠᠪᠬᠤ ᠭᠡᠵᠦ ᠪᠠᠶᠢᠨ᠎ᠠ᠃ ᠬᠡᠷᠪᠡ ᠳᠠᠨᠤᠰ ᠡᠨᠡ ᠭᠠᠵᠠᠷ ᠢᠶᠠᠨ ᠦᠷᠭᠦᠯᠵᠢᠯᠡᠨ ᠲᠠᠷᠢᠶ᠎ᠠ ᠭᠡᠪᠡᠯ ᠮᠠᠨ ᠤ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠲᠠᠢ ᠨᠢᠭᠳᠠ ᠬᠤᠯᠪᠤᠭᠠᠯᠠᠵᠦ ᠪᠠᠢ ᠬᠤᠸᠠᠨ ᠵᠠᠩ ᠠᠴᠠ ᠭᠠᠵᠠᠷ ᠢᠶᠠᠨ ᠪᠤᠴᠠᠭᠠᠵᠦ ᠠᠪᠬᠤ ᠠᠵᠢᠯ ᠢ ᠰᠠᠶᠢᠳᠤᠷ ᠳᠡᠮᠵᠢᠬᠦ ᠬᠡᠷᠡᠭᠳᠡᠢ᠃ ᠪᠢᠳᠡ ᠭᠠᠵᠠᠷ  ᠢᠶᠠᠨ ᠪᠤᠴᠠᠭᠠᠨ ᠠᠪᠤᠪᠠᠯ ᠮᠦᠨ ᠲᠠᠨᠤᠰ ᠢᠶᠠᠷ ᠲᠠᠷᠢᠭᠤᠯᠤᠨ᠎ᠠ᠃ ᠲᠠᠷᠢᠶ᠎ᠠ ᠲᠦᠮᠦᠰᠦ ᠪᠤᠯᠪᠠᠰᠤᠷᠠᠭᠰᠠᠨ ᠤ ᠳᠠᠷᠠᠭ᠎ᠠ1 ᠴᠢᠩ ᠭᠠᠵᠠᠷ ᠲᠠᠷᠢᠪᠠᠯ70 ᠮᠤ᠋ ᠪᠠᠷ ᠪᠤᠳᠤᠵᠦ25 ᠮᠤ᠋ ᠶᠢᠨ ᠲᠠᠷᠢᠶ᠎ᠠ ᠶᠢ ᠮᠤᠩᠭᠤᠯ ᠭᠠᠵᠠᠷ ᠤᠨ ᠡᠵᠡᠳ ᠲᠤ ᠳᠤᠰᠢᠶᠠᠨ᠎ᠠ ᠭᠡᠰᠡᠨ ᠳᠤ ᠳᠡᠳᠡᠭᠡᠷ ᠲᠠᠷᠢᠶᠠᠴᠢᠳ ᠶᠡᠬᠡᠯ᠎ᠡ ᠳᠤᠷ᠎ᠠ ᠲᠠᠢ ᠵᠦᠪᠰᠢᠶᠡᠷᠡᠵᠦ᠂ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠤᠨ ᠠᠵᠢᠯᠳᠠᠳ ᠲᠠᠢ ᠨᠢᠭᠡᠨ ᠰᠡᠳᠭᠢᠯ ᠢᠶᠠᠷ ᠪᠠᠢ ᠬᠤᠸᠠᠨ ᠵᠠᠩ ᠠᠴᠠ ᠭᠠᠵᠠᠷ ᠢᠶᠠᠨ ᠪᠤᠴᠠᠭᠠᠨ ᠠᠪᠬᠤ ᠠᠵᠢᠯᠠᠭ᠎ᠠ ᠳᠤ ᠢᠳᠡᠪᠬᠢᠳᠡᠢ ᠤᠷᠤᠯᠴᠠᠬᠤ ᠪᠠᠷ ᠳᠤᠭᠳᠠᠵᠠᠢ᠃       ③1947 ᠤᠨ ᠤ ᠬᠠᠪᠤᠷ ᠲᠠᠷᠢᠶᠠᠯᠠᠬᠤ ᠦᠶ᠎ᠡ ᠳᠤ ᠪᠠᠢ ᠬᠤᠸᠠᠨ ᠵᠠᠩ ᠤᠭ ᠵᠤᠷᠢᠯᠭ᠎ᠠ ᠳᠠᠭᠠᠨ ᠬᠦᠷᠬᠦ  ᠶᠢᠨ ᠲᠦᠯᠦᠭᠡ ᠦᠪᠴᠢ ᠬᠤᠶᠠᠭᠯᠠᠭᠰᠠᠨ ᠴᠡᠷᠢᠭ ᠠᠪᠴᠦ ᠨᠢᠭᠡ ᠯᠠ ᠳᠤᠤᠷ᠎ᠠ 40 ᠦᠬᠡᠷ ᠠᠨᠵᠢᠰᠤ ᠲᠠᠢ ᠢᠷᠡᠭᠡᠳ ᠬᠡᠨ ᠬᠡᠷᠪᠡ ᠲᠡᠭᠦᠨ ᠤ ᠭᠠᠵᠠᠷ ᠲᠠᠷᠢᠬᠤ ᠶᠢ ᠬᠤᠷᠢᠭᠯᠠᠪᠠᠯ ᠲᠡᠭᠦᠨ ᠢ ᠪᠠᠷᠢᠪᠴᠢᠯᠠᠨ ᠠᠪᠴᠦ ᠰᠢᠳᠬᠡᠨ᠎ᠡ ᠭᠡᠵᠡᠢ᠃ ᠢᠩᠭᠡᠬᠦ ᠳᠤᠨᠢ ᠪᠦᠬᠦ ᠳᠤᠰᠬᠤᠨ ᠤ ᠶᠠᠳᠠᠭᠤ ᠲᠠᠷᠢᠶᠠᠴᠢᠳ ᠬᠦᠭᠰᠢᠨ ᠵᠠᠯᠠᠭᠤ ᠡᠷᠡᠭᠳᠡᠢ ᠡᠮᠡᠭᠳᠡᠢ ᠭᠡᠵᠦ ᠢᠯᠡᠭᠠᠯ ᠦᠭᠡᠢ ᠪᠦᠭᠦᠳᠡᠭᠡᠷ ᠢᠶᠠᠨ ᠬᠦᠷᠦᠯᠴᠡᠨ ᠢᠷᠡᠵᠦ ᠪᠠᠢ ᠬᠤᠸᠠᠨ ᠵᠠᠩ ᠤᠨ ᠲᠠᠷᠢᠶᠠᠯᠠᠬᠤ ᠶᠢ ᠡᠰᠡᠷᠭᠦᠴᠡᠵᠡᠭᠡᠪᠡ᠃ ᠦᠳᠡᠯᠦᠭᠡ ᠪᠤᠯᠤᠭᠰᠠᠨ ᠡᠪᠦᠭᠡᠳ ᠡᠮᠡᠭᠡᠳ ᠳᠡᠭᠡᠰᠦ ᠰᠦᠢᠷᠡᠨ ᠢᠷᠡᠵᠦ᠄ 《ᠪᠢᠳᠡ‌ᠨᠢᠭᠡᠨᠳᠡ‌ᠦᠬᠦᠬᠦ ᠴᠠᠭ ᠤᠶᠢᠷᠠᠳᠤᠪᠠ᠃ ᠠᠮᠢᠳᠤᠷᠠᠪᠠᠴᠦ ᠪᠢᠳᠡᠨ ᠢ ᠠᠮᠤᠷ ᠠᠮᠢᠳᠤᠷᠠᠭᠤᠯᠬᠤ ᠦᠭᠡᠢ ᠶᠤᠮ ᠴᠢᠨᠢ ᠡᠷᠳᠡᠭᠡᠨ ᠦᠬᠦᠭᠰᠡᠨ ᠳᠡᠭᠡᠷ᠎ᠡ ᠪᠠᠶᠢᠨ᠎ᠠ᠃ ᠮᠠᠨ ᠤ ᠬᠡᠴᠢᠨᠡᠨ ᠵᠢᠯ ᠢᠶᠠᠷ ᠬᠦᠴᠦ ᠬᠦᠯᠦᠰᠦ ᠪᠠᠨ ᠤᠷᠤᠰᠬᠠᠨ ᠮᠠᠯᠳᠠᠵᠦ ᠪᠤᠯᠪᠠᠰᠤᠷᠠᠭᠤᠯᠤᠭᠰᠠᠨ ᠭᠠᠵᠠᠷ ᠢ ᠮᠢᠨᠢ ᠬᠠᠷᠬᠢᠰᠯᠠᠨ ᠡᠵᠡᠷᠬᠡᠵᠦ ᠠᠪᠤᠭᠰᠠᠨ ᠶᠤᠮ ᠴᠢᠨᠢ ᠪᠢᠳᠡ ᠪᠠᠢ ᠨᠤᠶᠠᠨ ᠲᠠᠢ ᠬᠠᠮᠳᠤ ᠪᠠᠷ ᠡᠷᠯᠢᠭ ᠤᠨ ᠤᠷᠤᠨ ᠳᠤ ᠬᠦᠷᠴᠦ ᠨᠡᠷ᠎ᠡ ᠪᠠᠨ ᠮᠡᠳᠡᠭᠦᠯᠵᠡᠭᠡᠶ᠎ᠡ》ᠭᠡᠵᠡᠭᠡᠵᠦ ᠳᠡᠭᠡᠰᠦᠨ ᠤ ᠪᠠᠨ ᠨᠢᠭᠡ ᠦᠵᠦᠭᠦᠷ ᠢ ᠦᠪᠡᠷ ᠤᠨ ᠬᠦᠵᠦᠭᠦᠨ ᠳᠡᠭᠡᠨ᠂ ᠨᠦᠭᠦᠭᠡ ᠦᠵᠦᠭᠦᠷ ᠢ ᠨᠢ ᠪᠠᠢ ᠶᠢᠨ ᠴᠡᠷᠢᠭ ᠤᠨ ᠬᠦᠵᠦᠭᠦᠨ ᠳᠤ ᠤᠷᠤᠭᠤᠯᠵᠦ ᠪᠤᠭᠤᠮᠢᠯᠠᠬᠤ ᠪᠠᠷ ᠤᠷᠤᠯᠳᠤᠨ᠎ᠠ᠃ ᠪᠠᠢ ᠬᠤᠸᠠᠨ ᠵᠠᠩ ᠤᠨ ᠬᠦᠯᠦᠰᠯᠡᠨ ᠠᠪᠴᠢᠷᠠᠭᠰᠠᠨ40 ᠠᠨᠵᠢᠰᠤ  ᠨᠢ ᠵᠡᠷᠭᠡ ᠪᠠᠷ ᠲᠠᠷᠢᠶᠠᠨ ᠭᠠᠵᠠᠷ ᠤᠷᠤᠬᠤ ᠳᠤ ᠪᠦᠬᠦ ᠳᠤᠰᠬᠤᠨ ᠤ ᠡᠬᠡᠨᠡᠷ ᠦᠬᠢᠳ ᠬᠡᠦᠬᠡᠳ ᠰᠢᠦᠬᠠᠳ ᠦᠬᠡᠷ ᠠᠨᠵᠢᠰᠤᠨ ᠤ ᠬᠢᠨᠢ ᠡᠮᠦᠨ᠎ᠡ ᠠᠯᠳᠠᠯᠠᠨ ᠬᠡᠪᠳᠡᠵᠡᠭᠡᠪᠡ᠃ ᠳᠤᠷᠪᠢ ᠲᠠᠮᠢᠷ ᠲᠠᠢ ᠡᠷᠡᠰ ᠤᠳ ᠴᠡᠷᠢᠭ ᠪᠤᠯᠤᠨ ᠠᠨᠵᠢᠰᠤᠨ ᠬᠦᠮᠦᠰ ᠲᠠᠢ ᠭᠠᠷ ᠰᠠᠪᠠᠷ ᠠᠪᠤᠯᠴᠠᠨ ᠵᠤᠳᠤᠯᠴᠠᠵᠦ ᠡᠬᠢᠯᠡᠯ᠎ᠡ᠃ ᠪᠠᠢ ᠤᠪᠤᠭᠳᠤ ᠳᠤᠰ ᠤᠳᠠᠭ᠎ᠠ ᠡᠨᠡ ᠮᠡᠳᠦ ᠪᠠᠷ ᠪᠦᠬᠦ ᠳᠤᠰᠬᠤᠨ ᠳᠤ ᠬᠤᠷᠤᠮᠬᠠᠨ ᠵᠠᠭᠤᠷ᠎ᠠ ᠭᠠᠵᠠᠷ ᠨᠤᠳᠤᠭ ᠤᠨ ᠰᠢᠷᠤᠭᠦᠨ ᠲᠡᠮᠡᠴᠡᠯᠳᠦᠭᠡᠨ ᠢ ᠡᠭᠦᠰᠬᠡᠪᠡ᠃ ᠬᠤᠶᠠᠷ ᠲᠠᠯ᠎ᠠ ᠶᠢᠨ ᠬᠦᠮᠦᠰ ᠬᠡᠨ ᠠᠯᠢᠨ ᠳᠠᠭᠠᠨ ᠢᠯᠳᠠᠷ ᠬᠠᠶᠠᠬᠤ ᠦᠭᠡᠢ ᠲᠡᠮᠡᠴᠡᠭᠡᠳ ᠪᠠᠶᠢᠪᠠᠯ ᠨᠢᠭᠡ ᠶᠡᠭᠡ ᠴᠢᠰᠤᠳᠤ ᠬᠡᠷᠡᠭ ᠭᠠᠷᠬᠤ ᠪᠤᠯᠤᠭᠰᠠᠨ ᠢ ᠪᠠᠢ ᠬᠤᠸᠠᠨ ᠵᠠᠩ ᠦᠵᠡᠵᠦ ᠭᠠᠷᠤᠭᠠᠳ ᠠᠶᠤᠬᠤ ᠳᠠᠭᠠᠨ ᠳᠠᠭᠠᠭᠤᠯᠵᠦ ᠢᠷᠡᠭᠰᠡᠨ ᠴᠡᠷᠢᠭ ᠪᠤᠯᠤᠨ ᠠᠨᠵᠢᠰᠤ ᠬᠦᠯᠢᠰᠢᠨ ᠬᠦᠮᠦᠰ ᠢᠶᠠᠨ ᠠᠪᠴᠦ ᠶᠠᠪᠤᠭᠰᠠᠨ ᠪᠢᠯᠡ᠃ ᠪᠠᠢ ᠬᠤᠸᠠᠨ ᠵᠠᠩ ᠡᠨᠡ ᠤᠳᠠᠭ᠎ᠠ ᠢᠯᠠᠭᠳᠠᠵᠦ ᠠᠷᠭ᠎ᠠ ᠦᠭᠡᠢ ᠪᠤᠯᠬᠤ ᠳᠠᠭᠠᠨ ᠬᠠᠩᠬ᠎ᠠ ᠶᠢᠨ ᠬᠡᠷᠡᠭ ᠡᠷᠬᠢᠯᠡᠬᠦ ᠭᠠᠵᠠᠷ  ᠤᠨ ᠳᠠᠰᠤᠭ ᠤᠨ ᠳᠠᠷᠤᠭ᠎ᠠ ᠬᠤᠸᠠᠩ ᠵᠢᠢ ᠮᠢᠨ ᠢ ᠡᠷᠢᠵᠦ ᠤᠴᠢᠭᠠᠳ᠄《 ᠲᠠᠨ ᠤ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠠᠴᠠ ᠡᠵᠡᠨ ᠮᠡᠳᠡᠵᠦ ᠮᠠᠨ ᠤ ᠭᠠᠵᠠᠷ ᠤᠨ ᠵᠢᠭᠤᠷᠭᠠᠨ ᠢ ᠰᠢᠢᠳᠪᠤᠷᠢᠯᠡᠵᠦ ᠦᠭᠬᠦ ᠪᠤᠯᠪᠠᠦ》ᠬᠡᠮᠡᠨ ᠭᠤᠶᠤᠴᠢᠯᠠᠪᠠ᠃         ④ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠲᠡᠭᠦᠨ ᠤ ᠭᠤᠶᠤᠪᠴᠢᠯᠠᠯ ᠢ ᠬᠦᠯᠢᠶᠡᠵᠦ ᠪᠠᠶᠢᠴᠠᠭᠠᠯᠳᠠ ᠬᠢᠬᠦᠯᠡᠷ᠂ ᠳᠡᠳᠡ ᠭᠠᠵᠠᠷ ᠰᠢᠷᠤᠢ ᠶᠢ ᠳᠠᠮᠵᠢᠭᠤᠯᠤᠨ ᠮᠦᠯᠵᠢᠬᠦ ᠠᠴᠠ ᠭᠠᠳᠠᠨ᠎ᠠ ᠬᠤᠰᠢᠭᠤ ᠨᠤᠳᠤᠭ ᠤᠨ ᠵᠢᠯ ᠪᠦᠷᠢ  ᠶᠢᠨ ᠭᠠᠶᠢᠯᠢ ᠶᠢ ᠶᠡᠷᠦ ᠠᠴᠠ ᠳᠤᠰᠢᠶᠠᠳᠠᠭ ᠦᠭᠡᠢ ᠭᠡᠨ᠎ᠡ᠃ ᠳᠡᠳᠡᠨᠤᠰ ᠠᠴᠠ ᠭᠠᠵᠠᠷ ᠲᠠᠷᠢᠶᠠᠨ ᠤ ᠭᠠᠶᠢᠯᠢ ᠳᠠᠳᠠᠪᠤᠷᠢᠯᠠᠬᠤ ᠭᠡᠪᠡᠯ᠄《 ᠪᠢᠳᠡᠨ ᠭᠠᠶᠢᠯᠢ ᠪᠠᠨ ᠨᠢᠭᠡᠨᠳᠡ ᠹᠦ᠋ ᠽᠦᠸᠧ ᠢ ᠵᠠᠩᠵᠤᠨ ᠳᠤ ᠳᠤᠰᠢᠶᠠᠨ ᠦᠭᠴᠢᠬᠡᠯ᠎ᠡ》ᠭᠡᠵᠦ ᠬᠡᠴᠢᠨᠡᠨ ᠵᠢᠯ ᠢᠶᠠᠷ ᠠᠯᠪᠠ ᠭᠠᠶᠢᠯᠢ ᠠᠴᠠ ᠦᠩᠭᠡᠷᠴᠦ ᠪᠠᠶᠢᠵᠠᠢ᠃         ᠲᠠᠪᠤ᠂ ᠳᠤᠭᠳᠠᠭᠠᠯ ᠳᠤᠭᠳᠠᠭᠠᠵᠦ ᠬᠡᠷᠡᠭᠵᠢᠭᠦᠯᠦᠭᠰᠡᠨ ᠨᠢ         ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠤᠨ ᠳᠤᠮᠳᠠᠬᠢ ᠳᠤᠷᠰᠢᠯᠭ᠎ᠠ ᠰᠤᠷᠭᠠᠮᠵᠢ ᠪᠠᠨ ᠳ᠋ᠦᠩᠨᠡᠨ᠂ ᠬᠤᠰᠢᠭᠤ ᠨᠤᠳᠤᠭ ᠲᠠᠢ ᠬᠠᠷᠢᠯᠴᠠᠵᠦ᠂  ᠤᠯᠠᠨ ᠲᠦᠮᠡᠨ ᠢ ᠳᠦᠰᠢᠭᠯᠡᠵᠦ ᠪᠠᠶᠢᠭᠠᠳ ᠭᠤᠷᠪᠠᠨ ᠵᠠᠭᠤᠨ ᠳᠤ ᠮᠠᠯ ᠲᠠᠷᠢᠶᠠᠯᠠᠩ ᠳᠡᠭᠡᠷ᠎ᠡ ᠳᠤᠰ ᠳᠣᠰ ᠲᠤᠨᠢ ᠳᠦᠷᠢᠮ ᠳᠤᠭᠳᠠᠭᠠᠯ ᠭᠠᠷᠭᠠᠵᠦ ᠤᠯᠠᠨ ᠳᠤ ᠵᠠᠷᠯᠠᠪᠠ᠃         ᠡᠨᠡ ᠬᠦ ᠳᠤᠭᠳᠠᠭᠠᠯ ᠳᠤ᠄ ᠮᠠᠯᠴᠢᠳ ᠤᠨ ᠠᠮᠢ ᠶᠢᠨ ᠲᠡᠵᠢᠭᠡᠯ ᠤᠨ ᠭᠠᠵᠠᠷ ᠢ ᠤᠭ ᠡᠵᠡᠨ ᠳᠤᠨᠢ ᠤᠯᠭᠤᠵᠦ᠂ ᠬᠠᠭᠤᠴᠢᠨ ᠪᠠᠳᠤ ᠪᠢᠴᠢᠭ ᠢ ᠦᠭᠡᠶᠢᠰᠬᠡᠬᠡᠳ ᠰᠢᠨ᠎ᠡ ᠪᠠᠳᠤ ᠪᠢᠴᠢᠭ ᠬᠢᠵᠦ ᠦᠭᠬᠦ︔1ᠴᠢᠩ ᠭᠠᠵᠠᠷ  ᠠᠴᠠ30 ᠰᠠᠭᠤᠯᠭ᠎ᠠ ᠠᠮᠤ ᠬᠤᠷᠢᠶᠠᠨ ᠠᠪᠬᠤ︔1 ᠵᠢᠯ 200 ᠮᠠᠯ ᠠᠴᠠ2 ᠮᠠᠯ ᠢ ᠨᠢ ᠨᠤᠳᠤᠭ ᠪᠡᠯᠴᠢᠭᠡᠷ ᠤᠨ ᠭᠠᠶᠢᠯᠢ ᠳᠤ ᠳᠤᠰᠢᠶᠠᠨ ᠠᠪᠬᠤ᠂᠂᠂᠂᠂ ᠵᠡᠷᠭᠡ ᠪᠤᠯᠤᠨ᠎ᠠ᠃ ᠳᠤᠰ ᠳᠤᠭᠳᠠᠭᠠᠯ ᠭᠠᠷᠭᠠᠭᠰᠠᠨ ᠤ ᠳᠠᠷᠠᠭ᠎ᠠ᠂ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠤᠨ ᠲᠤᠮᠢᠯᠠᠯ ᠢᠶᠠᠷ ᠬᠤᠸᠠᠩ ᠵᠢᠢ ᠮᠢᠨ ᠠᠴᠠ ᠪᠠᠢ ᠬᠤᠸᠠᠨ ᠵᠠᠩ ᠤᠨ ᠭᠠᠵᠠᠷ  ᠤᠨ ᠠᠰᠠᠭᠤᠳᠠᠯ ᠢ ᠭᠠᠷᠳᠠᠨ ᠰᠢᠢᠳᠪᠦᠷᠢᠯᠡᠵᠦ᠂ ᠴᠢᠨᠠᠭᠰᠢᠯᠠᠨ ᠪᠤᠰᠤᠳ ᠠᠵᠢᠯᠳᠠᠨ ᠲᠠᠢ ᠬᠠᠮᠳᠤ ᠳᠤᠰ ᠭᠠᠵᠠᠷ ᠤᠷᠤᠨ ᠤ ᠦᠭᠡᠶᠢᠭᠦᠦ ᠶᠠᠳᠠᠭᠤ ᠲᠠᠷᠢᠶᠠᠴᠢᠳ ᠢ ᠳᠦᠰᠢᠭᠯᠡᠵᠦ ᠪᠠᠶᠢᠭᠠᠳ ᠠᠯᠳᠠᠭᠰᠠᠨ ᠶᠡᠬᠡᠩᠬᠡᠢ ᠭᠠᠵᠠᠷ ᠢᠶᠠᠨ ᠠᠯᠬᠤᠮ ᠠᠯᠬᠤᠮ ᠢᠶᠠᠷ ᠡᠬᠡᠭᠦᠯᠦᠨ ᠠᠪᠴᠠᠢ᠃  ᠵᠠᠷᠢᠮ ᠭᠡᠰᠡᠭ ᠭᠠᠵᠠᠷ ᠤᠳ ᠢ ᠲᠤᠤᠷ᠎ᠠ ᠨᠢ ᠡᠬᠡᠭᠦᠯᠦᠨ ᠠᠪᠴᠦ ᠴᠢᠳᠠᠭᠰᠠᠨ‌ᠦᠭᠡᠢ ᠪᠤᠯᠪᠠᠴᠦ ᠨᠠᠮᠤᠷ ᠤᠨ ᠰᠡᠭᠦᠯᠴᠢ ᠪᠠᠷ ᠠᠷᠠᠳ ᠤᠯᠠᠨ ᠳᠤ ᠭᠠᠵᠠᠷ ᠤᠨ ᠪᠠᠳᠤ ᠪᠢᠴᠢᠭ ᠬᠢᠵᠦ ᠦᠭᠭᠦᠭᠡᠳ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠤᠨ ᠳᠤᠭᠳᠠᠭᠠᠭᠰᠠᠨ ᠶᠤᠰᠤᠭᠠᠷ ᠭᠠᠵᠠᠷ ᠲᠠᠷᠢᠶᠠᠨ ᠤ ᠭᠠᠶᠢᠯᠢ ᠳᠠᠳᠠᠪᠤᠷᠢ ᠶᠢ ᠲᠤᠭ᠎ᠠ ᠶᠤᠰᠤᠭᠠᠷ ᠳᠤᠰᠢᠶᠠᠬᠤ ᠪᠤᠯᠪᠠ᠃         ᠳᠤᠮᠳᠠᠳᠤ ᠵᠠᠭᠤᠨ ᠤ ᠭᠠᠵᠠᠷ ᠲᠤ ᠪᠠᠨᠴᠢᠨ ᠵᠤᠤ᠂ ᠮᠡᠶᠢᠷᠠᠨ ᠰᠦᠮ᠎ᠡ᠂ ᠷᠠᠰᠠᠩ ᠤᠨ ᠰᠦᠮ᠎ᠡ᠂ ᠪᠤᠭᠳᠠ  ᠶᠢᠨ ᠰᠦᠮ᠎ᠡ ᠠᠴᠠ ᠭᠠᠳᠠᠨ᠎ᠠ ᠪᠠᠰᠠ ᠭᠤᠷᠪᠠᠨ ᠱᠠᠩ ᠤᠨ ᠭᠠᠵᠠᠷ᠂  ᠠᠮᠢᠨ ᠲᠡᠵᠢᠭᠡᠯ ᠤᠨ ᠭᠠᠵᠠᠷ᠂ ᠮᠠᠯ ᠤᠨ ᠪᠡᠯᠴᠢᠭᠡᠷ᠂ ᠬᠤᠳᠠᠯᠳᠤᠭᠰᠠᠨ ᠭᠠᠵᠠᠷ ᠤᠳ ᠪᠤᠢ᠃ ᠠᠳᠡᠬᠢ ᠶᠢᠨ ᠭᠠᠵᠠᠷ ᠤᠨ ᠭᠠᠶᠢᠯᠢ ᠨᠢ ᠳᠦᠷᠢᠮ ᠳᠤᠭᠳᠠᠭᠠᠯ  ᠢᠶᠠᠷ ᠶᠠᠪᠤᠭᠳᠠᠵᠦ ᠳᠡᠶᠢᠯᠬᠦ ᠦᠭᠡᠢ ᠳᠤᠯᠠ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠠᠴᠠ ᠪᠠᠨᠴᠢᠨ ᠵᠤᠤ ᠶᠢᠨ ᠳᠡᠷᠭᠡᠳᠡ ᠭᠠᠵᠠᠷ ᠰᠢᠷᠤᠢ ᠴᠡᠭᠴᠡᠯᠡᠨ ᠬᠠᠮᠢᠶᠠᠷᠬᠤ ᠭᠠᠵᠠᠷ ᠪᠠᠶᠢᠭᠤᠯᠵᠦ᠂ ᠰᠧ ᠯᠤ᠋ ᠬᠤᠤ ᠭᠡᠳᠡᠭ ᠬᠦᠮᠦᠨ ᠢᠶᠠᠷ ᠪᠠᠨᠴᠢᠨ ᠵᠤᠤ ᠶᠢᠨ ᠭᠠᠵᠠᠷ ᠰᠢᠷᠤᠢ ᠬᠠᠮᠢᠶᠠᠷᠬᠤ ᠠᠵᠢᠯ ᠢ ᠬᠢᠯᠭᠡᠪᠡ᠃ ᠲᠡᠷᠡ ᠬᠦᠮᠦᠨ ᠪᠤᠯ ᠦᠪᠡᠷᠳᠡᠭᠡᠨ ᠠᠷᠪᠠᠭᠠᠳ ᠴᠡᠷᠢᠭ ᠲᠠᠢ᠂ ᠴᠦᠭᠡᠨ ᠬᠡᠳᠦᠨ ᠫᠤᠤ ᠵᠡᠪᠰᠡᠭ ᠲᠠᠢ ᠪᠠᠶᠢᠵᠠᠢ᠃ ᠳᠤᠰ ᠬᠦᠮᠦᠨ ᠪᠠᠨᠴᠢᠨ ᠵᠤᠤ ᠳᠤ ᠤᠴᠢᠵᠦ ᠭᠠᠵᠠᠷ ᠰᠢᠷᠤᠢ ᠬᠠᠮᠢᠶᠠᠷᠤᠭᠰᠠᠨ‌ᠡᠴᠠ ᠬᠤᠶᠢᠰᠢ ᠳᠡᠨᠳᠡᠬᠢ ᠭᠠᠶᠢᠯᠢ ᠳᠦᠷᠢᠶᠡᠰᠦ ᠳᠤᠭᠳᠠᠭᠠᠯ ᠶᠤᠰᠤᠭᠠᠷ ᠶᠠᠪᠤᠭᠳᠠᠬᠤ ᠪᠤᠯᠤᠭᠰᠠᠨ ᠶᠤᠮ︔         ᠲᠡᠭᠦᠨ ᠠᠴᠠ ᠬᠤᠶᠢᠰᠢ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠨᠢ ᠤᠯᠠᠨ ᠲᠦᠡᠮᠨ ᠤ ᠬᠠᠯᠠᠭᠤᠨ ᠬᠦᠷᠢᠶᠡᠯᠡᠯ ᠢ ᠤᠯᠵᠦ᠂ ᠳᠡᠨᠳᠡᠬᠢ ᠶᠢᠨ ᠮᠠᠯᠴᠢᠳ ᠲᠠᠷᠢᠶᠠᠴᠢᠳ ᠶᠠᠮᠠᠷ ᠤᠴᠢᠷ ᠶᠠᠪᠤᠳᠠᠯ ᠳᠤᠯᠭᠠᠷᠠᠪᠠᠯ ᠳᠡᠳᠡᠨ ᠳᠤ ᠤᠴᠢᠵᠦ ᠬᠡᠯᠡᠳᠡᠭ᠂ ᠳᠡᠳᠡᠨᠤᠰ ᠴᠤ ᠠᠯᠢ ᠪᠤᠯᠬᠤ ᠪᠠᠷ ᠰᠢᠢᠳᠪᠤᠷᠢᠯᠡᠵᠦ ᠦᠭᠳᠡᠭ ᠪᠢᠯᠡ᠃ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠪᠠᠶᠢᠭᠤᠯᠤᠭᠳᠠᠭᠰᠠᠨ ᠤ ᠳᠠᠷᠠᠭ᠎ᠠ ᠭᠤᠷᠪᠠᠨ ᠵᠠᠭᠤᠨ ᠤ ᠭᠠᠵᠠᠷ ᠴᠤ ᠨᠡᠯᠢᠶᠡᠳ ᠳᠦᠪᠰᠢᠷᠡᠭᠰᠡᠨ ᠪᠠᠶᠢᠳᠠᠯ ᠳᠤ ᠤᠷᠤᠵᠦ᠂ ᠨᠡᠭᠦᠳᠡᠯᠯᠡᠨ ᠶᠠᠪᠤᠭᠰᠠᠨ ᠮᠠᠯᠴᠢᠳ ᠪᠤᠴᠠᠨ ᠢᠷᠡᠵᠦ᠂ ᠠᠷᠠᠳ ᠲᠦᠮᠡᠨ ᠠᠮᠤᠷ ᠳᠦᠪᠰᠢᠨ ᠠᠵᠦ ᠳᠦᠷᠦᠬᠦ ᠪᠤᠯᠪᠠ᠃        ᠵᠢᠷᠭᠤᠭ᠎ᠠ᠂ ᠭᠡᠷ ᠤᠷᠤᠨ ᠪᠠᠷᠢᠵᠦ ᠰᠤᠷᠭᠠᠭᠤᠯᠢ ᠪᠠᠶᠢᠭᠤᠯᠤᠭᠰᠠᠨ ᠨᠢ         ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠨᠢ ᠳᠡᠳᠡᠨ ᠳᠤ ᠳᠤᠰᠢᠶᠠᠨ ᠢᠷᠡᠭᠰᠡᠨ ᠠᠮᠤ ᠪᠤᠳᠠᠭ᠎ᠠ ᠪᠠᠷ ᠠᠵᠢᠯᠳᠠᠨ ᠤ ᠪᠠᠨ ᠴᠠᠯᠢᠩ ᠢ ᠰᠢᠢᠳᠪᠦᠷᠢᠯᠡᠭᠰᠡᠨ ᠢᠶᠠᠷ ᠪᠠᠷᠠᠬᠤ ᠦᠭᠡᠢ᠂ ᠢᠯᠡᠭᠦᠴᠡ ᠪᠠᠷ ᠨᠢ ᠪᠠᠶᠢᠰᠢᠩ ᠬᠦᠷᠢᠶ᠎ᠡ ᠪᠠᠷᠢᠵᠦ᠂ ᠰᠤᠷᠭᠠᠭᠤᠯᠢ ᠡᠷᠬᠢᠯᠡᠭᠰᠡᠨ ᠶᠤᠮ᠃         ᠬᠠᠩᠬ᠎ᠠ ᠶᠢᠨ ᠬᠡᠷᠡᠭ ᠡᠷᠬᠢᠯᠡᠬᠦ ᠭᠠᠵᠠᠷ1947 ᠤᠨ ᠠᠴᠠ1949 ᠤᠨ ᠪᠤᠯᠳᠠᠯ᠎ᠠ ᠬᠠᠩᠬ᠎ᠠ ᠶᠢᠨ ᠭᠤᠷᠪᠠᠨ ᠵᠠᠭᠤᠨ ᠳᠤ ᠳᠤᠰᠪᠤᠷᠢ ᠨᠢᠭᠡ ᠰᠤᠷᠭᠠᠭᠤᠯᠢ ᠪᠠᠶᠢᠭᠤᠯᠵᠦ ᠦᠭᠴᠡᠢ᠃ ᠪᠠᠷᠠᠭᠤᠨ ᠵᠠᠭᠤᠨ ᠤ ᠰᠤᠷᠭᠠᠭᠤᠯᠢ  ᠶᠢ ᠱᠠᠯᠳᠠᠪ ᠤᠨ ᠰᠦᠮ᠎ᠡ ᠳᠡᠭᠡᠷ᠎ᠡ ᠪᠠᠶᠢᠭᠤᠯᠵᠦ ᠮᠤᠩᠭᠤᠯ ᠬᠢᠳᠠᠳ40 ᠰᠤᠷᠤᠭᠴᠢ ᠲᠠᠢ ᠪᠠᠶᠢᠭᠰᠠᠨ᠃ ᠳᠤᠮᠳᠠᠳᠤ ᠵᠠᠭᠤᠨ ᠤ ᠰᠤᠷᠭᠠᠭᠤᠯᠢ ᠨᠢ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠤᠨ ᠳᠡᠷᠭᠡᠳᠡ ᠪᠠᠶᠢᠭᠤᠯᠵᠦ70 —80 ᠰᠤᠷᠤᠭᠴᠢ ᠲᠠᠢ᠃ ᠵᠠᠭᠦᠨ ᠵᠠᠭᠤᠨ ᠤ ᠰᠤᠷᠠᠭᠠᠭᠤᠯᠢ ᠶᠢ ᠵᠡᠭᠦᠨ ᠬᠠᠶᠢᠰᠠᠩ ᠳᠤ ᠪᠠᠶᠢᠭᠤᠯᠤᠭᠰᠠᠨ ᠪᠦᠭᠡᠳ40 —50 ᠰᠤᠷᠤᠭᠴᠢᠳ ᠲᠠᠢ ᠪᠠᠶᠢᠪᠠ᠃ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠤᠨ ᠰᠤᠷᠭᠠᠭᠤᠯᠢ ᠠᠴᠠ ᠤᠷᠢᠳ ᠬᠤᠵᠢᠳ ᠬᠡᠳᠦᠨ ᠵᠠᠭᠤᠨ ᠰᠤᠷᠤᠭᠴᠢᠳ ᠳᠡᠭᠦᠰᠦᠨ ᠭᠠᠷᠴᠦ᠂ ᠵᠠᠷᠢᠮ ᠨᠢ ᠰᠡᠭᠦᠯᠡᠷ ᠤᠳᠤᠷᠢᠳᠬᠤ ᠪᠠᠶᠢᠷᠢᠨ ᠳᠤ ᠠᠵᠢᠯᠯᠠᠵᠦ ᠪᠠᠶᠢᠪᠠ᠃        ᠪᠠᠭᠰᠢ ᠨᠠᠷ ᠤᠨ ᠢᠳᠡᠰᠢ ᠤᠤᠭᠤᠰᠢ᠂ ᠴᠠᠯᠢᠩ ᠬᠦᠯᠦᠰᠦ᠂ ᠰᠤᠷᠤᠭᠴᠢᠳ ᠤᠨ ᠰᠤᠷᠤᠯᠭ᠎ᠠ ᠶᠢᠨ ᠰᠦᠢᠳᠬᠡᠯ᠂ ᠬᠤᠭᠤᠯᠠ ᠶᠢᠨ ᠵᠠᠷᠣᠳᠠᠯ ᠬᠢᠭᠡᠳ ᠳᠡᠳᠡᠨ ᠤ ᠤᠷᠤᠨ ᠰᠠᠭᠤᠴᠠ ᠬᠦᠷᠳᠡᠯ᠎ᠡ ᠪᠦᠷ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠠᠴᠠ ᠰᠢᠢᠳᠪᠤᠷᠢᠯᠡᠵᠦ ᠪᠠᠶᠢᠭᠰᠠᠨ᠃       1949 ᠤᠨ ᠳᠤ ᠶᠡᠭᠡ ᠵᠤᠤ ᠠᠶᠢᠮᠠᠭ ᠴᠢᠯᠦᠭᠡᠯᠡᠭᠳᠡᠬᠦ ᠦᠶᠡᠰ ᠢᠶᠠᠷ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠨᠢᠭᠡᠨᠳᠡ ᠭᠤᠴᠢ ᠳᠦᠴᠢᠨ ᠵᠠᠩ ᠪᠠᠶᠢᠰᠢᠩ ᠬᠦᠷᠢᠶ᠎ᠡ ᠲᠠᠢ ᠪᠤᠯᠵᠦ᠂ ᠦᠭᠦᠯᠡᠬᠦ ᠪᠠᠷ ᠲᠡᠦᠬᠡ ᠲᠠᠢ᠂ ᠦᠵᠡᠬᠦ  ᠪᠠᠷ ᠪᠦᠳᠦᠮᠵᠢ ᠲᠠᠢ ᠶᠠᠪᠤᠭᠰᠠᠨ ᠨᠠᠰᠤᠨᠳᠡᠯᠭᠡᠷ ᠬᠠᠷᠢᠨ ᠡᠨᠡ ᠦᠶ᠎ᠡ ᠳᠤ ᠬᠠᠩᠬ᠎ᠠ ᠶᠢᠨ ᠬᠡᠷᠡᠭ ᠡᠷᠬᠢᠯᠡᠬᠦ ᠭᠠᠵᠠᠷ  ᠲᠠᠭᠠᠨ ᠭᠡᠨᠡᠳᠳᠡ ᠨᠠᠰᠤ ᠪᠠᠷᠠᠪᠠ᠃       ᠴᠢᠯᠦᠭᠡᠯᠡᠭᠳᠡᠭᠰᠡᠨ ᠤ ᠳᠠᠷᠠᠭ᠎ᠠ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠢ ᠠᠷᠪᠠᠨ ᠨᠢᠭᠡᠳᠦᠭᠡᠷ ᠴᠢᠦᠢ᠂ ᠠᠷᠪᠠᠨ ᠬᠤᠶᠠᠳᠤᠭᠠᠷ ᠴᠢᠦᠢ᠂ ᠠᠷᠪᠠᠨ ᠭᠤᠷᠪᠠᠳᠤᠭᠠᠷ ᠴᠢᠦᠢ ᠭᠡᠵᠦ ᠭᠤᠷᠪᠠᠨ ᠴᠢᠦᠢ ᠬᠤᠪᠢᠶᠠᠭᠠᠳ ᠬᠠᠩᠬ᠎ᠠ ᠶᠢᠨ ᠬᠡᠷᠡᠭ ᠡᠷᠬᠢᠯᠡᠬᠦ ᠭᠠᠵᠠᠷ ᠪᠤᠯᠤᠨ ᠶᠠᠨ ᠵᠢᠶᠠᠩ ᠰᠢᠶᠠᠨ ᠢ ᠬᠠᠮᠳᠤᠷᠠᠭᠤᠯᠤᠨ ᠳᠠᠯᠠᠳ ᠤᠨ ᠬᠤᠶᠢᠳᠦ ᠬᠤᠰᠢᠭᠤ ᠬᠡᠮᠡᠨ ᠨᠡᠷᠡᠶᠢᠳᠴᠦ᠂ ᠳᠤᠷᠬᠤᠭ ᠮᠤᠳᠤ ᠭᠡᠳᠡᠭ ᠭᠠᠵᠠᠷ ᠲᠤ ᠰᠠᠭᠤᠷᠢᠰᠢᠵᠠᠢ᠃ ᠳᠠᠷᠤᠢ ᠤᠳᠤ ᠶᠢᠨ ᠤᠷᠠᠳ ᠤᠨ ᠡᠮᠦᠨ᠎ᠡ ᠬᠤᠰᠢᠭᠤᠨ ᠤ ᠪᠠᠶᠠᠨᠳᠠᠯ᠎ᠠ ᠰᠤᠮᠤ ᠪᠤᠯᠤᠨ᠎ᠠ᠃
ᠢᠷᠡᠯᠲᠡ᠄ ︽ᠳᠠᠯᠠᠳ ᠤᠨ ᠰᠤᠶᠤᠯ ᠲᠡᠦᠬᠡ︾ ᠭᠡᠬᠦ ᠨᠤᠮ ᠠᠴᠠ ᠪᠠᠭᠤᠯᠭᠠᠪᠠ᠃