ᠴᠤᠭᠳᠤᠮᠠᠩᠨᠠᠢ
ᠨᠡᠶᠢᠲᠡᠯᠡᠭᠰᠡᠨ ᠴᠠᠭ᠄
2018/12/26
       ᠴᠤᠭᠳᠤᠮᠠᠩᠨᠠᠢ ᠪᠤᠯ ᠳᠠᠯᠠᠳ ᠬᠤᠰᠢᠭᠤᠨ ᠤ ᠮᠡᠷᠭᠡᠳ ᠬᠠᠷᠢᠶᠠᠨ ᠤ ᠲᠠᠪᠤᠨ ᠰᠤᠮᠤ ᠶᠢᠨ ᠨᠢᠭᠡᠨ ᠲᠠᠶᠢᠵᠢ ᠢᠵᠠᠭᠤᠷᠳᠠᠨ ᠤ ᠭᠡᠷ ᠲᠤ ᠲᠦᠷᠦᠵᠡᠢ᠃ ᠲᠡᠭᠦᠨ ᠤ ᠤᠭ ᠨᠤᠳᠤᠭ ᠨᠢ ᠵᠤᠤ ᠵᠢᠶᠦ᠋ᠨ ᠹᠧᠨ ᠠᠴᠠ ᠪᠠᠷᠠᠭᠤᠰᠢ ᠠᠷᠪᠡᠨ ᠬᠡᠳᠦᠨ ᠭᠠᠵᠠᠷ ᠤᠨ ᠵᠠᠶᠢᠳᠠᠢ ᠬᠤᠶᠠᠷ ᠤᠪᠤᠭᠠᠨ ᠤ ᠦᠪᠦᠷ ᠲᠤ ᠪᠤᠢ᠃ ᠲᠡᠷᠡ ᠲᠦᠷᠦᠯᠬᠢ ᠰᠡᠴᠡᠨ ᠰᠡᠷᠭᠦᠯᠡᠩ ᠪᠦᠭᠡᠳ ᠪᠠᠭ᠎ᠠ ᠠᠴᠠ ᠪᠠᠨ ᠪᠢᠴᠢᠭ ᠨᠤᠮ ᠳᠤ ᠰᠢᠮᠳᠠᠵᠦ ᠨᠡᠯᠢᠶᠡᠳ ᠰᠠᠶᠢᠨ ᠰᠤᠷᠴᠠᠢ᠃ ᠲᠡᠷᠡ ᠦᠶ᠎ᠡ  ᠳᠤ ᠴᠤᠭᠳᠤᠮᠠᠩᠨᠠᠢ ᠸᠠᠩ ᠨᠤᠶᠠᠳ ᠤᠨ ᠠᠷᠠᠳ ᠢᠷᠭᠡᠨ ᠢ ᠳᠠᠷᠣᠯᠠᠨ ᠮᠦᠯᠵᠢᠬᠦ ᠠᠵᠢᠯᠯᠠᠭ᠎ᠠ ᠶᠢ ᠦᠵᠡᠨ ᠶᠠᠳᠠᠳᠠᠭ ᠪᠠᠶᠢᠪᠠ᠃ ᠮᠦᠨ ᠴᠤ ᠵᠠᠷᠢᠮ ᠳᠠᠭᠠᠨ ᠡᠰᠡᠷᠭᠦᠴᠡᠳᠡᠭ ᠪᠠᠶᠢᠭᠰᠠᠨ ᠲᠤᠯᠠ ᠮᠡᠷᠭᠡᠳ ᠬᠠᠷᠢᠶᠠᠨ ᠤ ᠰᠤᠮᠤᠨ ᠵᠠᠩᠭᠢ ᠲᠡᠭᠦᠨ ᠢ ᠦᠰᠢᠵᠦ ᠬᠤᠰᠢᠭᠤ ᠶᠠᠮᠤᠨ ᠤ ᠬᠤᠶᠠᠭ ᠤᠨ ᠠᠯᠪᠠᠨ ᠳᠤ ᠤᠷᠳᠤ ᠬᠤᠭᠤᠴᠠᠭ᠎ᠠ ᠪᠠᠷ ᠰᠠᠭᠤᠯᠭᠠᠪᠠ᠃ ᠲᠡᠷᠡ ᠬᠤᠶᠠᠭ ᠤᠨ ᠠᠯᠪᠠᠨ ᠳᠤ ᠪᠠᠶᠢᠬᠤ ᠬᠤᠭᠤᠴᠠᠭᠠᠨ ᠳᠤ ᠬᠤᠰᠢᠭᠤᠨ ᠤ ᠨᠢᠭᠡᠨ ᠴᠢᠬᠤᠯᠠ ᠤᠴᠢᠷ ᠲᠤ ᠨᠢᠭᠡᠨ ᠬᠤᠪᠢ ᠡᠬᠡ ᠨᠤᠤᠷᠠᠭ ᠪᠢᠴᠢᠨ ᠠᠪᠴᠢᠷᠠᠵᠦ ᠭᠡᠨ᠎ᠡ᠃ ᠲᠡᠭᠦᠨ ᠤ ᠪᠢᠴᠢᠭᠰᠡᠨ ᠨᠢ ᠪᠤᠰᠤᠳ ᠠᠴᠠ ᠭᠠᠷᠮᠠᠭᠠᠢ ᠪᠠᠶᠢᠬᠤ ᠲᠤᠯᠠ ᠲᠡᠷᠡ ᠶᠤᠰᠤᠭᠠᠷ ᠭᠠᠳᠠᠭᠰᠢ ᠠᠯᠪᠠᠨ ᠪᠢᠴᠢᠭ ᠶᠠᠪᠤᠭᠤᠯᠤᠭᠠᠳ ᠠᠵᠢᠯ ᠨᠢ ᠪᠦᠳᠦᠮᠵᠢᠳᠠᠢ ᠪᠤᠯᠵᠠᠢ᠃ ᠢᠩᠬᠢᠭᠡᠳ ᠬᠤᠶᠠᠭ ᠴᠤᠭᠳᠤᠮᠠᠩᠨᠠᠢ ᠶᠢ ᠰᠠᠭᠤᠳᠠᠯ ᠤᠨ ᠪᠢᠴᠢᠭᠡᠴᠢ ᠪᠤᠯᠭᠠᠭᠰᠠᠨ ᠪᠠᠶᠢᠨ᠎ᠠ᠃ ᠲᠡᠷᠡ ᠬᠡᠳᠦᠶᠢᠪᠡᠷ ᠰᠠᠭᠤᠳᠠᠯ ᠤᠨ ᠪᠢᠴᠢᠭᠡᠴᠢ ᠪᠤᠯᠤᠭᠰᠠᠨ ᠪᠤᠯᠪᠠᠴᠤ ᠳᠦᠰᠢᠮᠡᠳ ᠤᠨ ᠦᠭᠡ ᠪᠠᠷ ᠶᠠᠪᠤᠬᠤ ᠦᠭᠡᠢ᠂ ᠵᠠᠷᠢᠮ ᠳᠠᠭᠠᠨ ᠳᠡᠳᠡᠨ ᠤ ᠦᠭᠡ ᠠᠴᠠ ᠵᠦᠷᠢᠴᠡᠨ ᠢᠯᠠᠩᠭᠤᠶ᠎ᠠ ᠡᠰᠡᠷᠭᠦᠴᠡᠳᠡᠭ ᠤᠴᠢᠷ ᠠᠴᠠ ᠳᠦᠰᠢᠮᠡᠳ ᠨᠢ ᠲᠡᠭᠦᠨ ᠢ ᠬᠤᠷᠤᠰᠴᠦ ᠪᠠᠶᠢᠪᠠ᠃        ᠶᠠᠭ ᠡᠨᠡ ᠦᠶ᠎ᠡ ᠳᠤ ᠴᠢᠩ ᠤᠯᠤᠰ ᠤᠨ ᠵᠠᠰᠠᠭ ᠤᠨ ᠭᠠᠵᠠᠷ ᠠᠴᠠ ᠭᠠᠯᠳᠠᠨᠴᠡᠷᠢᠨ ᠤ ᠤᠷᠪᠠᠯᠭ᠎ᠠ ᠶᠢᠨ ᠴᠡᠷᠢᠭ ᠢ ᠳᠠᠷᠤᠩᠭᠤᠶᠢᠯᠠᠬᠤ ᠪᠠᠷ ᠨᠢᠭᠡ ᠵᠠᠩᠵᠤᠨ ᠭᠤᠷᠪᠠᠨ ᠮᠢᠩᠭᠠᠨ ᠮᠤᠷᠢᠳᠤ ᠴᠡᠷᠢᠭ ᠳᠠᠶᠢᠴᠢᠯᠠᠨ ᠬᠦᠬᠡᠬᠤᠳᠠ ᠦᠩᠭᠡᠷᠡᠬᠦ ᠳᠤ ᠳᠤᠰ ᠬᠤᠳᠠ ᠶᠢᠨ ᠵᠠᠩᠵᠤᠨ ᠤ ᠶᠠᠮᠤᠨ ᠨᠢ ᠳᠠᠯᠠᠳ ᠬᠤᠰᠢᠭᠤᠨ ᠠᠴᠠ ᠵᠠᠮᠴᠢᠯᠠᠬᠤ ᠳᠦᠰᠢᠮᠡᠯ ᠠᠪᠤᠨ᠎ᠠ ᠬᠡᠮᠡᠨ ᠵᠠᠷᠯᠢᠭ ᠤᠨ ᠪᠢᠴᠢᠭ ᠢᠷᠡᠭᠦᠯᠵᠡᠢ᠃ ᠡᠨᠡ ᠦᠶᠡᠰ ᠲᠤ ᠳᠠᠯᠠᠳ ᠬᠤᠰᠢᠭᠤᠨ ᠤ ᠳᠦᠰᠢᠮᠡᠳ ᠨᠢ ᠳᠠᠶᠢᠨ ᠳᠠᠵᠢᠨ ᠳᠤ ᠶᠠᠪᠤᠵᠦ ᠠᠮᠢ ᠪᠡᠶ᠎ᠡ ᠪᠠᠨ ᠪᠤᠰᠠᠨᠢᠭᠤᠯᠬᠤ ᠠᠴᠠ ᠠᠶᠤᠭᠠᠳ᠂ ᠳᠡᠳᠡᠨ ᠤ ᠦᠭᠡ ᠶᠢ ᠳᠠᠭᠠᠳᠠᠭ ᠦᠭᠡᠢ《 ᠲᠡᠨᠡᠭ ᠪᠢᠴᠢᠭᠡᠴᠢ ᠴᠤᠭᠳᠤᠮᠠᠩᠨᠠᠢ》 ᠶᠢ ᠫᠤᠤ ᠶᠢᠨ ᠠᠮᠠᠨ ᠪᠦᠭᠯᠡᠭᠡ ᠪᠤᠯᠭᠠᠬᠤ ᠰᠠᠨᠠᠭ᠎ᠠ ᠲᠠᠢ ᠪᠠᠷ ᠳᠤᠰᠠᠯᠠᠭᠴᠢ ᠵᠠᠩᠵᠤᠨ ᠬᠡᠮᠡᠨ ᠡᠷᠭᠦᠮᠵᠢᠯᠡᠵᠦ ᠨᠢᠭᠡ ᠵᠠᠭᠤᠨ ᠴᠡᠷᠢᠭ ᠲᠠᠢ ᠶᠠᠪᠤᠭᠤᠯᠵᠦ ᠭᠡᠨ᠎ᠡ᠃        ᠴᠤᠭᠳᠤᠮᠠᠩᠨᠠᠢ ᠤᠯᠤᠰ ᠤᠨ ᠴᠡᠷᠢᠭ ᠢ ᠵᠠᠮᠴᠢᠯᠠᠨ ᠶᠠᠪᠤᠵᠦ᠂ ᠲᠠᠶᠢᠨ ᠪᠠᠶᠢᠯᠳᠤᠭᠠᠨ ᠳᠤ ᠪᠠᠭᠠᠳᠤᠷᠯᠠᠨ ᠤᠷᠤᠵᠦ᠂ ᠳᠠᠶᠢᠰᠤᠨ ᠢ ᠢᠯᠠᠵᠦ ᠭᠠᠪᠢᠶ᠎ᠠ ᠪᠠᠶᠢᠭᠤᠯᠵᠠᠢ᠃ ᠳᠠᠷᠤᠩᠭᠤᠶᠢᠯᠠᠯᠳᠠ ᠶᠢᠨ ᠳᠠᠷᠠᠭ᠎ᠠ ᠴᠢᠩ ᠤᠯᠤᠰ ᠤᠨ ᠴᠡᠷᠢᠭ ᠤᠨ ᠵᠠᠩᠵᠤᠨ ᠡᠴᠠ‌‍ᠴᠤᠭᠳᠤᠮᠠᠩᠨᠠᠢ ᠶᠢ ᠴᠡᠷᠢᠭ ᠲᠠᠢ ᠨᠢ ᠳᠤᠰ ᠭᠠᠵᠠᠷ ᠦᠯᠡᠳᠡᠭᠡᠨ ᠠᠷᠠᠳ ᠢᠷᠭᠡᠨ ᠢ ᠳᠤᠬᠢᠷᠠᠭᠤᠯᠵᠦ ᠰᠠᠭᠤᠯᠭᠠᠭᠠᠳ ᠪᠤᠴᠠᠭᠰᠠᠨ ᠪᠠᠶᠢᠨ᠎ᠠ᠃        ᠴᠤᠭᠳᠤᠮᠠᠩᠨᠠᠢ ᠰᠢᠨᠵᠢᠶᠠᠩ ᠳᠤ ᠭᠤᠷᠪᠠᠨ ᠵᠢᠯ ᠰᠠᠭᠤᠵᠦ᠂ ᠳᠡᠨᠳᠡᠬᠢ ᠶᠢᠨ ᠠᠷᠠᠳ ᠲᠦᠮᠡᠨ ᠢ ᠲᠤᠬᠤᠨᠢᠭᠤᠯᠤᠨ ᠳᠡᠳᠬᠦᠵᠦ᠂ ᠣᠯᠠᠨ ᠲᠦᠮᠡᠨ ᠤ ᠬᠠᠯᠠᠭᠤᠨ ᠬᠦᠷᠢᠶᠡᠯᠡᠯ ᠢ ᠤᠯᠵᠠᠢ᠃ᠬᠤᠵᠢᠮ ᠨᠢ ᠲᠡᠷᠡ ᠦᠪᠡᠷ ᠤᠨ ᠴᠡᠷᠢᠭ ᠢᠶᠠᠨ ᠳᠠᠭᠠᠭᠤᠯᠵᠦ ᠳᠠᠯᠠᠳ ᠬᠤᠰᠢᠭᠤᠨ ᠳᠠᠭᠠᠨ ᠬᠠᠷᠢᠵᠦ ᠢᠷᠡᠭᠡᠳ ᠳᠠᠶᠢᠨ ᠪᠠᠶᠢᠯᠳᠤᠭᠠᠨ ᠳᠤ ᠡᠷᠡᠯᠬᠡᠭᠯᠡᠨ ᠪᠠᠶᠢᠯᠳᠤᠵᠦ ᠭᠠᠪᠢᠶ᠎ᠠ ᠪᠠᠶᠢᠭᠤᠯᠤᠭᠰᠠᠨ ᠤᠴᠢᠷ ᠵᠶ᠋ᠠᠨ‌ᠮᠡᠳᠡᠭᠦᠯᠦᠭᠰᠡᠨ ᠳᠤᠷ ᠳᠤᠰᠢᠶᠠᠯ ᠦᠭᠬᠦ ᠦᠭᠡᠢ ᠪᠠᠶᠢᠬᠤ ᠶᠢᠨ ᠠᠷᠭ᠎ᠠ ᠦᠭᠡᠢ ᠪᠤᠯᠤᠭᠠᠳ ᠳᠤᠰᠠᠯᠠᠭᠴᠢ ᠶᠢᠨ ᠳᠤᠰᠢᠶᠠᠯ ᠦᠭᠭᠦᠭᠰᠡᠨ ᠪᠠᠶᠢᠨ᠎ᠠ᠃ ᠴᠤᠭᠳᠤᠮᠠᠩᠨᠠᠢ ᠳᠤᠰᠠᠯᠠᠭᠴᠢ ᠪᠤᠯᠤᠭᠰᠠᠨ ᠤ ᠳᠠᠷᠠᠭ᠎ᠠ ᠠᠭᠠᠵᠢᠮ ᠠᠭᠠᠵᠢᠮ ᠢᠶᠠᠷ ᠳᠠᠯᠠᠳ ᠬᠤᠰᠢᠭᠤᠨ ᠤ ᠵᠠᠰᠠᠭ ᠤᠨ ᠡᠷᠬᠡ ᠶᠢ ᠪᠠᠷᠢᠵᠠᠢ᠃ ᠬᠡᠳᠦᠨ ᠵᠢᠯ ᠦᠩᠭᠡᠷᠡᠭᠰᠡᠨ ᠤ ᠳᠠᠷᠠᠭ᠎ᠠ ᠵᠠᠶᠢᠰᠠᠩ ᠵᠠᠬᠢᠷᠤᠭᠴᠢ ᠨᠠᠰᠤᠨᠸᠠᠴᠢᠷ ᠢ ᠵᠠᠰᠠᠭ ᠨᠤᠶᠠᠨ ᠰᠤᠨᠢᠨᠰᠤᠳᠤ ᠳᠤ《 ᠴᠢᠬᠢᠨ ᠤ ᠬᠤᠩᠬᠤ》 ᠶᠢ ᠵᠡᠭᠦᠯᠭᠡᠵᠦ ᠪᠠᠶᠢᠭᠠᠳ ᠳᠤᠰᠢᠶᠠᠯ ᠠᠴᠠ ᠨᠢ ᠤᠭᠴᠠᠷᠠᠭᠤᠯᠵᠦ ᠬᠠᠶᠠᠪᠠ᠃ ᠳᠡᠮᠡᠢ ᠬᠡᠳᠦᠨ ᠵᠢᠯ ᠪᠤᠯᠤᠭᠰᠠᠨ ᠦᠭᠡᠢ ᠰᠤᠨᠢᠨᠰᠤᠳᠤ ᠨᠤᠶᠠᠨ ᠴᠤ ᠨᠠᠰᠤ ᠪᠠᠷᠠᠭᠰᠠᠨ ᠲᠤᠯᠠ ᠲᠡᠭᠦᠨ ᠳᠤ ᠬᠦᠪᠡᠭᠦᠨ ᠦᠭᠡᠢ ᠲᠤᠯᠠ ᠵᠠᠰᠠᠭ ᠲᠠᠮᠠᠭ᠎ᠠ ᠶᠢ ᠴᠤᠭᠳᠤᠮᠠᠩᠨᠠᠢ ᠬᠠᠮᠢᠶᠠᠷᠤᠭᠴᠢ ᠪᠤᠯᠵᠦ᠂ ᠲᠡᠷᠡ ᠬᠤᠰᠢᠭᠤ ᠶᠠᠮᠤᠨ ᠢ ᠭᠡᠷ ᠤᠨ ᠢᠶᠠᠨ ᠳᠡᠷᠭᠡᠳᠡ ᠨᠡᠭᠦᠯᠭᠡᠨ ᠠᠪᠴᠢᠷᠠᠵᠦ ᠬᠡᠳᠦᠨ ᠮᠤᠩᠭᠤᠯ ᠭᠡᠷ ᠪᠤᠰᠬᠠᠨ ᠠᠯᠪᠠᠨ ᠬᠡᠷᠡᠭ ᠢ ᠵᠠᠬᠢᠷᠴᠦ ᠪᠠᠶᠢᠪᠠ᠃        ᠲᠡᠷᠡ ᠦᠶ᠎ᠡ ᠳᠤ ᠬᠠᠳᠤᠨ ᠭᠤᠤᠯ ᠤᠨ ᠵᠡᠭᠦᠨ ᠪᠡᠶ᠎ᠡ ᠶᠢᠨ ᠭᠠᠵᠠᠷ ᠤᠳ ᠢ ᠲᠦᠮᠡᠳ ᠬᠤᠰᠢᠭᠤ ᠲᠠᠢ ᠪᠤᠯᠢᠶᠠᠯᠳᠤᠨ᠂ ᠭᠠᠵᠠᠷ ᠤᠨ ᠰᠠᠪᠠ ᠶᠢᠨ ᠦᠢᠮᠡᠭᠡᠨ ᠭᠠᠷᠴᠦ ᠪᠠᠶᠢᠭᠰᠠᠨ᠃ ᠲᠦᠮᠡᠳ ᠬᠤᠰᠢᠭᠤ ᠨᠢ ᠳᠠᠯᠠᠳ ᠬᠤᠰᠢᠭᠤ ᠶᠢ ᠬᠦᠴᠦ ᠪᠠᠷ ᠢᠶᠠᠨ ᠳᠡᠶᠢᠯᠬᠦ ᠦᠭᠡᠢ ᠲᠤᠯᠠ ᠴᠢᠩ ᠤᠯᠤᠰ ᠤᠨ ᠵᠠᠰᠠᠭ ᠤᠨ ᠭᠠᠵᠠᠷ ᠤᠨ ᠬᠢᠵᠠᠭᠠᠷ ᠵᠠᠰᠠᠯᠳᠠ ᠶᠢᠨ ᠬᠦᠷᠢᠶᠡᠯᠡᠩ ᠳᠤ ᠵᠠᠭᠠᠯᠳᠤᠵᠠᠢ᠃ ᠮᠦᠨ ᠴᠤ ᠳᠦᠪ ᠤᠨ ᠶᠠᠮᠤᠨ ᠤ ᠠᠯᠪᠠᠨ ᠳᠤᠰᠢᠶᠠᠯᠳᠠ ᠳᠤ ᠬᠡᠬᠡᠯᠢ ᠬᠠᠭ᠋ᠤᠤᠯᠢ ᠳᠦᠯᠬᠢᠵᠦ ᠪᠠᠶᠢᠭᠠᠳ‌‍ᠴᠤᠭᠳᠤᠮᠠᠩᠨᠠᠢ ᠶᠢ ᠳᠤᠰᠠᠯᠠᠭᠴᠢ ᠶᠢᠨ ᠳᠤᠰᠢᠶᠠᠯ ᠠᠴᠠ ᠨᠢ ᠤᠭᠴᠠᠷᠠᠭᠤᠯᠪᠠ ᠃ ᠳᠠᠷᠠᠭ᠎ᠠ ᠨᠢ ᠴᠢᠩ ᠤᠯᠤᠰ ᠤᠨ ᠵᠠᠰᠠᠭ ᠤᠨ ᠭᠠᠵᠠᠷ ᠠᠴᠠ ᠳᠤᠰᠬᠠᠶᠢᠯᠠᠨ ᠳᠤᠰᠢᠮᠡᠳ ᠲᠤᠮᠢᠯᠠᠵᠦ ᠳᠦᠮᠡᠳ᠂ ᠳᠠᠯᠠᠳ ᠤᠨ ᠭᠠᠵᠠᠷ ᠤᠨ ᠰᠠᠪᠠ ᠶᠢᠨ ᠠᠰᠠᠭᠤᠳᠠᠯ ᠢ ᠰᠢᠢᠳᠪᠤᠷᠢᠯᠡᠬᠦ ᠪᠠᠷ ᠢᠷᠡᠭᠦᠯᠵᠡᠢ᠃ ᠳᠡᠳᠡᠨᠤᠰ ᠬᠡᠷᠡᠭ ᠡᠭᠦᠰᠦᠭᠰᠡᠨ ᠭᠠᠵᠠᠷ ᠲᠤ ᠬᠦᠷᠦᠭᠰᠡᠨ ᠤ ᠳᠠᠷᠠᠭ᠎ᠠ ᠳᠠᠯᠠᠳ ᠬᠤᠰᠢᠭᠤᠨ ᠳᠤ ᠠᠯᠪᠠᠨ ᠪᠢᠴᠢᠭ ᠶᠠᠪᠤᠭᠤᠯᠵᠦ ᠴᠤᠭᠳᠤᠮᠠᠩᠨᠠᠢ ᠶᠢ ᠳᠠᠭᠤᠳᠠᠭᠤᠯᠪᠠ᠃ ᠴᠤᠭᠳᠤᠮᠠᠩᠨᠠᠢ《 ᠳᠤᠰᠠᠯᠠᠭᠴᠢ ᠶᠢᠨ ᠳᠤᠰᠢᠶᠠᠯ ᠢᠶᠠᠨ ᠨᠢᠭᠡᠨᠳᠡ ᠤᠭᠴᠠᠷᠠᠭᠳᠠᠭᠰᠠᠨ ᠵᠠᠰᠠᠭ ᠳᠠᠮᠠᠭ᠎ᠠ ᠶᠢ ᠳᠦᠷ ᠬᠠᠮᠢᠶᠠᠷᠴᠣ ᠪᠠᠶᠢᠬᠤ ᠰᠤᠯᠠ ᠳᠠᠶᠢᠵᠢ ᠴᠤᠭᠳᠤᠮᠠᠩᠨᠠᠢ ᠠᠴᠠ ᠶᠠᠪᠤᠭᠤᠯᠤᠭᠰᠠᠨ ᠪᠢᠴᠢᠭ》ᠬᠡᠮᠡᠭᠡᠳ ᠭᠠᠵᠠᠷ ᠤᠨ ᠰᠠᠪᠠ ᠶᠢᠨ ᠬᠡᠷᠡᠭ ᠤᠴᠢᠷ ᠡᠭᠦᠰᠦᠭᠰᠡᠨ ᠰᠢᠯᠳᠠᠭᠠᠨ ᠪᠠ ᠡᠨᠡ ᠭᠠᠵᠠᠷ ᠪᠤᠯ ᠤᠤᠯ ᠠᠴᠠ ᠪᠠᠨ ᠳᠠᠯᠠᠳ ᠬᠤᠰᠢᠭᠤᠨ ᠤ ᠨᠤᠳᠤᠭ ᠳᠡᠪᠢᠰᠭᠡᠷ ᠪᠤᠯᠬᠤ ᠲᠤᠬᠠᠢ ᠨᠠᠷᠢᠨ ᠪᠢᠴᠢᠭᠯᠡᠵᠦ ᠶᠠᠪᠤᠭᠤᠯᠵᠠᠢ᠃ ᠴᠢᠩ ᠤᠯᠤᠰ ᠤᠨ ᠶᠠᠮᠤᠨ ᠠᠴᠠ ᠲᠤᠮᠢᠯᠠᠵᠦ ᠢᠷᠡᠭᠦᠯᠦᠭᠰᠡᠨ ᠳᠦᠰᠢᠮᠡᠳ‌‍ᠴᠤᠭᠳᠤᠮᠠᠩᠨᠠᠢ ᠤᠨ ᠨᠡᠷ᠎ᠡ  ᠶᠢ ᠰᠤᠨᠤᠰᠤᠮᠠᠭᠴᠠ ᠶᠢᠰᠤᠨ ᠬᠤᠪᠢ ᠰᠤᠯᠠᠷᠠᠵᠦ ᠲᠡᠭᠦᠨ ᠤ ᠰᠠᠨᠠᠯ ᠢᠶᠠᠷ ᠤᠤᠯ ᠭᠠᠵᠠᠷ ᠢ ᠳᠠᠯᠠᠳ ᠲᠤ ᠦᠭᠴᠦ ᠤᠴᠢᠷ ᠶᠠᠪᠤᠳᠠᠯ ᠢᠯᠭᠠᠷᠠᠭᠰᠠᠨ ᠬᠡᠨ᠎ᠡ᠃《ᠳᠤᠰᠠᠯᠠᠭᠴᠢ》 ᠶᠢᠨ ᠳᠤᠰᠢᠶᠠᠯ ᠢ ᠨᠢ ᠤᠭᠴᠠᠷᠠᠭᠤᠯᠬᠤ ᠠᠯᠪᠠᠨ ᠪᠢᠴᠢᠭ  ᠲᠤ ᠵᠠᠰᠠᠭ ᠲᠠᠮᠠᠭ᠎ᠠ ᠶᠢ ᠦᠭᠡᠷ᠎ᠡ ᠪᠤᠰᠤᠳ ᠲᠤ ᠰᠢᠯᠵᠢᠭᠦᠯᠬᠦ ᠲᠤᠬᠠᠢ ᠳᠤᠳᠤᠷᠬᠠᠢ ᠶᠠᠷᠢᠭᠰᠠᠨ ᠦᠭᠡᠢ ᠲᠤᠯᠠ ᠴᠤᠭᠳᠤᠮᠠᠩᠨᠠᠢ ᠨᠠᠰᠤᠨ ᠨᠠᠰᠤᠯᠠᠳᠠᠯ᠎ᠠ ᠳᠠᠮᠠᠭ᠎ᠠ ᠶᠢᠨ ᠡᠷᠬᠡ ᠶᠢ ᠠᠳᠬᠤᠵᠦ ᠪᠠᠶᠢᠵᠠᠢ᠃
ᠢᠷᠡᠯᠲᠡ᠄ ︽ᠳᠠᠯᠠᠳ ᠤᠨ ᠰᠤᠶᠤᠯ ᠲᠡᠦᠬᠡ︾ ᠭᠡᠬᠦ ᠨᠤᠮ ᠠᠴᠠ ᠪᠠᠭᠤᠯᠭᠠᠪᠠ᠃