ᠲᠠᠯᠠᠳ ᠬᠤᠰᠢᠭᠤ᠂ ᠴᠢᠨᠠᠬᠰᠢᠯᠠᠪᠠᠯ ᠣᠷᠳᠣᠰ ᠬᠤᠳᠠ ᠶᠢᠨ ᠬᠡᠪᠴᠢᠶᠡᠨ ᠳᠤ᠂ ᠳᠠᠯᠠᠳ ᠬᠤᠰᠢᠭᠤᠨ ᠤ | ᠥᠨᠳᠥᠰᠥᠳᠡᠨ ᠤ ᠬᠡᠣᠬᠡᠳ ᠤᠨ ᠴᠡᠴᠡᠷᠯᠢᠭ ᠤᠨ ᠲᠠᠷᠤᠭ᠎ᠠ ᠶᠣᠸᠠᠨ ᠶᠥᠩ ᠵᠧᠨ ᠢ ᠲᠣᠷᠠᠳᠪᠠᠯ ᠮᠡᠳᠡᠬᠦ ᠥᠬᠡᠢ | ᠬᠥᠮᠥᠨ ᠴᠥᠬᠡᠨ ᠪᠠᠶᠢᠬᠤ ᠪᠥᠬᠡᠳ ᠴᠥᠮ ︽ᠴᠡᠴᠡᠷᠯᠢᠭ ᠤᠨ ᠰᠣᠷᠭᠠᠭᠤᠯᠢ ᠶᠢᠨ ᠰᠠᠶᠢᠨ ᠲᠠᠷᠤᠭ᠎ᠠ᠂ ᠰᠠᠶᠢᠨ ᠪᠠᠭᠰᠢ | ᠰᠢᠣ︕︾ ᠬᠡᠵᠣ ᠡᠷᠡᠬᠡᠢ ᠭᠠᠷᠭᠠᠨ ᠮᠠᠬᠳᠠᠵᠠᠭᠠᠨᠠ᠃ | ᠡᠨᠡ ᠵᠢᠯ ᠤᠨ ᠨᠠᠮᠣᠷ ᠤᠨ ᠣᠯᠠᠷᠢᠯ ᠤᠨ ᠰᠢᠨ᠎ᠠ ᠰᠣᠷᠣᠯᠭ᠎ᠠ ᠶᠢᠨ ᠬᠤᠭᠤᠴᠠᠭ᠎ᠠ ᠡᠬᠢᠯᠡᠬᠦ ᠪᠠᠷ᠂ | ᠰᠣᠷᠪᠣᠯᠵᠢᠯᠠᠬᠴᠢ ᠡᠶᠢᠨ ᠬᠦ ᠣᠯᠠᠨ ᠤ ᠮᠠᠬᠳᠠᠭᠠᠯ ᠢ ᠣᠯᠣᠬᠰᠠᠨ ᠰᠠᠶᠢᠨ ᠪᠠᠭᠰᠢ ᠲᠠᠢ ᠲᠠᠨᠢᠯᠴᠠᠬᠤ ᠪᠠᠷ ᠳᠣᠰᠬᠠᠢᠢᠯᠠᠨ | ᠳᠣᠰ ᠴᠡᠴᠡᠷᠯᠢᠭ ᠲᠤ ᠬᠥᠷᠴᠥ᠂ ᠳᠥᠬᠦᠮᠬᠡᠨ ᠰᠣᠷᠪᠣᠯᠵᠢᠯᠠᠭ᠎ᠠ ᠠᠪᠴᠥ ᠪᠢᠯᠡ᠃ | ᠶᠣᠸᠠᠨ ᠶᠥᠩ ᠵᠧᠨ ᠪᠣᠯ ᠮᠣᠩᠭᠤᠯ ᠥᠨᠳᠥᠰᠥᠳᠡᠨ᠂ ᠡᠪ ᠬᠠᠮᠳᠥ ᠨᠠᠮ ᠤᠨ ᠬᠡᠰᠢᠬᠦᠨ᠂ 1964 | ᠣᠨ ᠳᠤ ᠳᠥᠷᠥᠵᠡᠢ᠃ ᠲᠡᠷᠡ᠂ 1982 ᠣᠨ ᠳᠤ ᠲᠠᠯᠠᠳ ᠬᠤᠰᠢᠭᠤᠨ ᠤ ᠥᠨᠳᠥᠰᠥᠳᠡᠨ ᠤ ᠬᠡᠣᠬᠡᠳ ᠤᠨ | ᠴᠡᠴᠡᠷᠯᠢᠭ ᠲᠤ ᠠᠵᠢᠯ ᠤᠨ ᠬᠤᠪᠢᠶᠡᠷᠢ ᠠᠪᠴᠥ᠂ 1988 ᠣᠨ ᠳᠤ ᠳᠣᠰ ᠴᠡᠴᠡᠷᠯᠢᠭ ᠤᠨ ᠲᠠᠷᠤᠭ᠎ᠠ ᠪᠠᠷ | ᠠᠵᠢᠯᠯᠠᠵᠣ᠂ ᠡᠳᠣᠬᠡ ᠬᠡᠣᠬᠡᠳ ᠤᠨ ᠰᠣᠷᠭᠠᠨ ᠬᠥᠮᠥᠵᠢᠯ ᠤᠨ ᠠᠵᠢᠯ ᠳᠤ 30 ᠭᠠᠷᠣᠢ ᠵᠢᠯ ᠤᠨ ᠬᠠᠪᠣᠷ ᠨᠠᠮᠣᠷ ᠢ | ᠨᠥᠭᠴᠢᠬᠡᠭᠰᠡᠨ ᠪᠠᠶᠢᠨ᠎ᠠ᠃ | ᠲᠡᠷᠡ ᠰᠣᠷᠪᠣᠯᠵᠢᠯᠠᠬᠴᠢ ᠳᠤ᠄ ︽ᠮᠠᠨ ᠤ ᠬᠡᠣᠬᠡᠳ ᠤᠨ ᠴᠡᠴᠡᠷᠯᠢᠭ ᠪᠣᠯ ᠬᠢᠳᠡᠳ ᠮᠣᠩᠭᠤᠯ᠂ ᠮᠠᠨᠵᠣ | ᠵᠡᠷᠬᠡ ᠣᠯᠠᠨ ᠥᠨᠳᠥᠰᠥᠳᠡᠨ ᠢᠶᠠᠷ ᠪᠥᠷᠢᠯᠳᠥᠭᠰᠡᠨ ᠳᠣᠮᠣ ᠬᠡᠷ ᠪᠥᠯᠢ ᠶᠣᠮ᠂ ᠮᠢᠨᠥ ᠢᠷᠡᠬᠦ ᠲᠡᠷᠡ ᠥᠶ᠎ᠠ ᠳᠤ᠂ | ᠮᠠᠨ ᠤ ᠴᠡᠴᠡᠷᠯᠢᠭ ᠭᠤᠷᠪᠠᠨ ᠲᠠᠰᠣᠯᠭ᠎ᠠ ᠰᠢᠪᠡᠷ ᠬᠡᠷ ᠲᠠᠢ᠂ ᠭᠤᠷᠪᠠᠨ ᠠᠩᠬᠢ ᠶᠢᠨ 70 ᠭᠠᠷᠣᠢ ᠰᠣᠷᠣᠬᠴᠢ ᠲᠠᠢ᠂ | 9 ᠪᠠᠭᠰᠢ ᠠᠵᠢᠯᠳᠠᠨ ᠲᠠᠢ ᠪᠠᠶᠢᠵᠡᠢ᠂ ᠣᠳᠣ ᠮᠠᠨ ᠤ ᠴᠡᠴᠡᠷᠯᠢᠭ 4 ᠲᠠᠪᠬᠤᠷ ᠠᠰᠠᠷ ᠲᠠᠢ᠂ 17 ᠠᠩᠬᠢ ᠶᠢᠨ | 700 ᠭᠠᠷᠣᠢ ᠰᠣᠷᠣᠬᠴᠢ ᠲᠠᠢ᠂ 120 ᠭᠠᠷᠣᠢ ᠪᠠᠭᠰᠢ ᠠᠵᠢᠯᠳᠠᠨ ᠲᠠᠢ᠂ ᠡᠬᠦᠨ ᠳᠤ 30 ᠭᠠᠷᠣᠢ ᠮᠣᠩᠭᠤᠯ | ᠪᠠᠭᠰᠢ ᠲᠠᠢ᠂ ᠪᠡᠯᠡᠳᠬᠡᠯ ᠳᠥᠬᠦᠬᠡᠷᠥᠮᠵᠢ ᠨᠠᠯᠢᠶᠠᠳ ᠪᠥᠷᠢᠳᠥᠭᠰᠡᠨ ᠴᠡᠴᠡᠷᠯᠢᠭ ᠪᠣᠯᠣᠨ ᠬᠥᠭᠵᠢᠵᠡᠢ᠃ ᠡᠨᠡ ᠪᠣᠯ | ᠲᠡᠬᠡᠳᠥ ᠱᠠᠳᠣᠨ ᠤ ᠨᠠᠮ ᠵᠠᠰᠠᠬ ᠤᠨ ᠬᠠᠯᠠᠭᠤᠨ ᠬᠠᠯᠠᠮᠵᠢᠯᠠᠯ ᠪᠠ ᠲᠡᠮᠵᠢᠯᠬᠡ ᠪᠠᠶᠢᠬᠤ ᠠᠴᠠ ᠭᠠᠳᠠᠨ᠎ᠠ ᠮᠠᠨ ᠤ ᠪᠥᠬᠦ | ᠪᠠᠭᠰᠢᠠᠵᠢᠯᠳᠠᠨ ᠤ ᠪᠥᠯᠬᠦᠮᠳᠡᠨ ᠲᠡᠮᠡᠴᠡᠭᠰᠡᠨ ᠬᠠᠮᠳᠣ ᠶᠢᠨ ᠴᠢᠷᠮᠠᠶᠢᠯᠭ᠎ᠠ ᠠᠴᠠ ᠰᠠᠯᠵᠣ ᠴᠢᠳᠠᠬᠤ ᠥᠬᠡᠢ ᠶᠣᠮ︾ | ᠬᠡᠵᠣ ᠴᠡᠴᠡᠷᠯᠢᠭ ᠤᠨ ᠪᠠᠶᠢᠳᠠᠯ ᠢᠶᠠᠨ ᠲᠥᠬᠦᠮ ᠲᠠᠨᠢᠯᠴᠠᠭᠤᠯᠣᠨ᠎ᠠ᠃ | ᠣᠯᠠᠨ ᠥᠨᠳᠥᠰᠥᠳᠡᠨ ᠢᠶᠠᠷ ᠪᠥᠷᠢᠯᠳᠥᠭᠰᠡᠨ ᠴᠡᠴᠡᠷᠯᠢᠭ ᠪᠣᠯᠬᠤᠷ᠂ ᠥᠨᠳᠥᠰᠥᠳᠡᠨ ᠤ ᠪᠥᠯᠬᠦᠮᠳᠡᠯ ᠢ | ᠠᠳᠬᠤᠬᠤ ᠪᠣᠯ ᠠᠯᠢᠪᠠ ᠠᠵᠢᠯ ᠢᠶᠠᠨ ᠣᠷᠣᠬᠰᠢ ᠠᠬᠢᠭᠤᠯᠬᠤ ᠬᠠᠮᠤᠬ ᠴᠢᠬᠤᠯᠠ ᠠᠵᠢᠯ ᠪᠣᠯᠬᠤ ᠶᠢ ᠰᠡᠷᠬᠡᠭ ᠢᠶᠠᠷ | ᠲᠠᠨᠢᠬᠰᠠᠨᠶᠣᠸᠠᠨ ᠶᠥᠩ ᠵᠧᠨ ᠪᠡᠶ᠎ᠠ ᠪᠠᠷ ᠢᠶᠠᠨ ᠳᠣᠯᠣᠭᠠᠢᠢᠯᠠᠵᠣ᠂ ᠥᠨᠳᠥᠰᠥᠳᠡᠨ ᠤ ᠪᠥᠯᠬᠦᠮᠳᠠᠯ ᠢ ᠰᠠᠶᠢᠨ ᠬᠢᠪᠠ᠃ | ᠲᠡᠷᠨᠪᠠᠴᠢᠮ ᠶᠠᠭᠠᠷᠠᠣ ᠠᠵᠢᠯ ᠤᠨ ᠵᠶ᠋ᠠᠨᠲ᠋ᠣᠮᠳᠠ᠂ ᠶᠠᠭᠤᠨ ᠤ ᠡᠮᠣᠨ᠎ᠠ᠂ ᠴᠡᠴᠡᠷᠯᠢᠭ ᠤᠨ ᠢᠶᠠᠨ ᠣᠳᠣᠷᠢᠳᠬᠤ | ᠪᠠᠬ ᠤᠨᠪᠥ᠋ᠯᠬᠦᠮᠳᠡᠯ ᠪᠠ ᠡᠯ᠎ᠠ ᠥᠨᠳᠥᠰᠥᠳᠡᠨ ᠤ ᠪᠠᠭᠰᠢ ᠠᠵᠢᠯᠳᠠᠨ ᠤ ᠬᠤᠭᠤᠷᠣᠨᠳᠣᠬᠢ ᠪᠥᠯᠬᠦᠮᠳᠡᠯ ᠢ | ᠲᠡᠷᠢᠬᠦᠨᠪᠠᠶᠢᠷᠢᠨ ᠳᠤ ᠲᠠᠯᠪᠢᠵᠣ᠂ ᠣᠳᠣᠷᠢᠳᠬᠤ ᠪᠠᠬ ᠤᠨ ᠪᠥᠷᠢᠯᠳᠥᠬᠦᠨ ᠪᠠ ᠪᠠᠭᠰᠢ ᠠᠵᠢᠯᠳᠠᠨ ᠲᠠᠢ ᠪᠠᠨ | ᠥᠷᠬᠦᠯᠵᠢ ᠰᠠᠨᠠᠯ ᠪᠣᠳᠣᠯ ᠢᠶᠠᠨ ᠰᠣᠯᠢᠯᠴᠠᠵᠣ᠂ ᠢᠳᠡᠬᠡᠯᠴᠡᠭᠡ ᠬᠠᠮᠳᠣᠷᠠᠯᠴᠠᠭ᠎ᠠ ᠪᠠᠨ ᠴᠢᠩᠭᠠᠳᠬᠠᠳᠠᠬ ᠪᠠᠶᠢᠨ᠎ᠠ᠃ | ᠲᠡᠷᠡᠠᠵᠢᠯ ᠤᠨ ᠢᠶᠠᠨ ᠳᠣᠮᠳᠠ ᠥᠨᠳᠥᠰᠥᠳᠡᠨ ᠤ ᠰᠣᠷᠭᠠᠨ ᠬᠥᠮᠥᠵᠢᠯ ᠤᠨ ᠠᠵᠢᠯ ᠢᠶᠠᠷ ᠭᠤᠣᠯ ᠪᠣᠯᠭᠠᠵᠣ᠂ | ᠬᠤᠰᠢᠭᠤᠨ ᠤ ᠳᠣᠳᠣᠷᠡᠬᠢ ᠪᠣᠶᠣ ᠴᠡᠴᠡᠷᠯᠢᠭ ᠤᠨ ᠢᠶᠠᠨ ᠪᠠᠭᠰᠢ ᠠᠵᠢᠯᠳᠠᠳ ᠤᠨ ᠳᠣᠮᠳᠡᠬᠢ ᠰᠠᠶᠢᠨ ᠬᠥᠮᠥᠨ | ᠰᠠᠶᠢᠨᠶᠠᠪᠣᠳᠠᠯ ᠢᠶᠠᠷ ᠲᠠᠭᠤᠷᠢᠶᠠᠯ ᠪᠣᠯᠭᠠᠵᠣ᠂ ᠪᠠᠭᠰᠢ ᠠᠵᠢᠯᠳᠠᠠ ᠢᠶᠠᠨ ᠥᠷᠬᠦᠯᠵᠢ ᠰᠣᠷᠭᠠᠨ ᠬᠥᠮᠥᠵᠢᠬᠦᠯᠳᠡᠭ | ᠪᠥᠬᠡᠳᠪᠠᠰᠠ ᠴᠡᠴᠡᠷᠯᠢᠭ ᠤᠨ ᠬᠥᠷᠢᠶᠡᠨ ᠳᠤ ᠮᠣᠩᠭᠤᠯ᠂ ᠬᠢᠳᠡᠳ᠂ᠮᠠᠨᠵᠣ ᠵᠡᠷᠬᠡ ᠣᠯᠠᠨ ᠥᠨᠳᠥᠰᠥᠳᠡᠨ ᠤ | ᠰᠣᠶᠣᠯᠣᠷᠠᠯᠢᠬ ᠢ ᠣᠷᠣᠭᠤᠯᠣᠨ ᠠᠪᠴᠢᠷᠠᠵᠣ᠂ ᠴᠡᠴᠡᠷᠯᠢᠭ ᠤᠨ ᠬᠥᠷᠢᠶᠡᠨ ᠤ ᠪᠠᠨ ᠰᠣᠶᠣᠯ ᠣᠷᠠᠯᠢᠬ ᠢ | ᠪᠠᠶᠠᠯᠢᠬᠵᠢᠭᠤᠯᠣᠬᠰᠠᠨ ᠢᠶᠠᠷ ᠪᠠᠷᠠᠬᠤ ᠥᠬᠡᠢ᠂ ᠥᠷᠬᠡᠨ ᠣᠯᠠᠨ ᠪᠠᠭᠰᠢ ᠰᠣᠷᠣᠬᠴᠢᠳ ᠤᠨ ᠢᠶᠠᠨ | ᠣᠯᠠᠨᠥᠨᠳᠥᠰᠥᠳᠠᠡ ᠤ ᠰᠣᠶᠣᠯ ᠣᠷᠠᠯᠢᠬ ᠢ ᠣᠢᠢᠯᠠᠭᠠᠨ ᠮᠡᠳᠡᠬᠦ ᠳᠤ ᠲᠥᠬᠦᠮ ᠥᠵᠡᠬᠦᠯᠥᠭᠰᠡᠨ ᠪᠠᠶᠢᠨ᠎ᠠ᠃ ᠳᠣᠰ | ᠴᠡᠴᠡᠷᠯᠢᠭ ᠤᠨ ᠬᠢᠴᠢᠶᠡᠯ ᠬᠥᠮᠥᠵᠢᠯ ᠤᠨ ᠸᠠᠩ ᠡᠷᠬᠢᠯᠡᠭᠴᠢ᠄ ︽ᠮᠠᠨ ᠤ ᠶᠣᠸᠠᠨ ᠲᠠᠷᠤᠭ᠎ᠠ ᠪᠣᠯ | ᠰᠠᠶᠢᠨᠲ᠋ᠠᠭᠠᠭᠤᠯᠣᠬᠴᠢ ᠪᠥᠬᠡᠳ ᠰᠠᠶᠢᠨ ᠪᠠᠭᠰᠢ ᠰᠢᠣ᠂ ᠲᠡᠷᠡ ᠥᠨᠳᠥᠰᠥᠳᠡᠨ ᠤ ᠪᠥᠯᠬᠦᠮᠳᠡᠯ ᠢ ᠬᠠᠮᠤᠬ ᠢᠯᠡᠬᠦᠣ | ᠴᠢᠬᠤᠯᠠᠴᠢᠯᠠᠵᠣ᠂ ᠪᠢᠳᠡᠨ ᠢ ᠢᠳᠡᠪᠬᠢᠳᠡᠢ ᠵᠣᠬᠢᠶᠠᠨ ᠪᠠᠶᠢᠭᠤᠯᠵᠣ᠂ ᠥᠷᠬᠦᠯᠵᠢ ᠨᠠᠮ ᠤᠨ ᠥᠨᠳᠥᠰᠥᠳᠡᠨ ᠤ ᠣᠨᠣᠯ | ᠪᠠ ᠳᠥᠷᠥ ᠶᠢᠨ ᠪᠣᠳᠣᠯᠭ᠎ᠠ ᠰᠣᠷᠣᠯᠴᠠᠭᠤᠯᠳᠠᠬ ᠪᠥᠬᠡᠳ ᠣᠨᠴᠠᠭᠠᠢᠢᠯᠠᠨ ᠬᠢᠳᠡᠳ ᠪᠠᠭᠰᠢ ᠨᠠᠷ ᠤᠨ ᠮᠣᠩᠭᠤᠯ | ᠬᠡᠯᠡᠰᠣᠷᠬᠤ ᠠᠵᠢᠯ ᠢ ᠴᠢᠬᠤᠯᠠᠴᠢᠯᠠᠨ ᠥᠵᠡᠵᠣ᠂ ᠣᠯᠠᠨ ᠵᠢᠯ ᠤᠨ ᠳᠣᠷᠰᠢ᠂ ᠴᠡᠴᠡᠷᠯᠢᠭ ᠤᠨ ᠬᠥᠷᠢᠶᠡᠨ ᠳᠤ ︿ | ᠡᠳᠣᠷ ᠪᠥᠷᠢ ᠨᠢᠬᠡ ᠮᠣᠩᠭᠤᠯ ᠥᠬᠡ ᠰᠣᠷᠬᠤ﹀ ᠠᠵᠢᠯᠯᠠᠭ᠎ᠠ ᠶᠢ ᠳᠣᠭᠤᠰᠢᠳᠡᠢ ᠪᠠᠷᠢᠮᠳᠠᠯᠠᠬᠰᠠᠨ ᠢᠶᠠᠷ ᠬᠢᠳᠡᠳ | ᠪᠠᠭᠰᠢ ᠶᠢᠨ ᠮᠣᠩᠭᠤᠯ ᠥᠬᠡ ᠬᠡᠯᠡ ᠳᠥᠷᠬᠡᠨ ᠰᠠᠶᠢᠵᠢᠷᠠᠵᠣ᠂ ᠮᠣᠩᠭᠤᠯ ᠬᠢᠳᠡᠳ ᠪᠠᠭᠰᠢ ᠶᠢᠨ ᠥᠬᠡ ᠬᠡᠯᠡᠨ ᠤ | ᠰᠣᠯᠢᠯᠴᠠᠭ᠎ᠠ ᠵᠢᠰᠠᠶᠢᠵᠢᠷᠠᠭᠤᠯᠵᠣ ᠴᠢᠳᠠᠬᠰᠠᠨ ᠢᠶᠠᠷ ᠪᠠᠷᠠᠬᠤ ᠥᠬᠡᠢ ᠨᠠᠩ ᠴᠢᠬᠤᠯᠠ ᠨᠢ ᠴᠡᠴᠡᠷᠯᠢᠭ ᠤᠨ | ᠬᠥᠷᠢᠶᠡᠨ ᠳᠠᠬᠢ ᠬᠢᠳᠡᠳ ᠮᠣᠩᠭᠤᠯ ᠪᠠᠭᠰᠢ ᠶᠢᠨ ᠪᠥᠯᠬᠦᠮᠳᠡᠯ ᠢ ᠰᠠᠶᠢᠵᠢᠷᠠᠭᠤᠯᠵᠣ ᠴᠢᠳᠠᠬᠰᠠᠨ ᠪᠠᠶᠢᠨ᠎ᠠ︾ ᠬᠡᠵᠣ | ᠪᠠᠶᠠᠷᠳᠡᠢ ᠬᠡᠯᠡᠨ᠎ᠠ᠃ ᠣᠳᠣ ᠳᠣᠰ ᠴᠡᠴᠡᠷᠯᠢᠭ ᠶᠣᠸᠠᠨ ᠶᠥᠩ ᠵᠧᠨ ᠤ ᠬᠠᠳᠠᠭᠤᠵᠢᠯᠳᠡᠢ ᠴᠢᠷᠮᠠᠶᠢᠯᠭ᠎ᠠ ᠪᠠᠷ 17 | ᠠᠩᠬᠢ ᠶᠢᠨ ᠳᠣᠳᠣᠷ᠎ᠠ ᠠᠴᠠ 6 ᠠᠩᠬᠢ ᠨᠢ ᠮᠣᠩᠭᠤᠯ ᠢᠶᠠᠷ ᠬᠢᠴᠢᠶᠡᠯᠯᠡᠬᠦ ᠪᠣᠯᠵᠣ᠂ ᠬᠢᠳᠡᠳ ᠠᠩᠬᠢ ᠳᠤ ᠴᠥ ᠭᠠᠷᠠᠬ | ᠪᠥᠷᠢ 2 ᠮᠣᠩᠭᠤᠯ ᠬᠡᠯᠡᠨ ᠤ ᠬᠢᠴᠢᠶᠡᠯ ᠲᠠᠢ ᠪᠣᠯᠵᠣ᠂ ᠥᠨᠡᠨ ᠬᠦ ᠥᠨᠳᠥᠰᠥᠳᠡᠨ ᠤ ᠬᠡᠣᠬᠡᠳ ᠤᠨ ᠴᠡᠴᠡᠷᠯᠢᠭ ᠤᠨ | ᠨᠡᠷ᠎ᠠ ᠨᠢᠳᠡᠷ ᠲᠡᠭᠡᠨᠲ᠋ᠡᠩᠴᠡᠭᠰᠡᠨ ᠪᠠᠶᠢᠨ᠎ᠠ᠃ | ᠴᠡᠴᠡᠷᠯᠢᠭ ᠤᠨ ᠪᠠᠶᠢᠭᠤᠯᠣᠯᠳᠠ ᠪᠠᠨ ᠰᠠᠶᠢᠵᠢᠷᠠᠭᠤᠯᠵᠣ᠂ ᠰᠣᠷᠭᠠᠨ ᠬᠥᠮᠥᠵᠢᠯ ᠤᠨ ᠶᠠᠰᠣ ᠴᠢᠨᠠᠷ ᠢᠶᠠᠨ | ᠲᠠᠰᠣᠷᠠᠯᠳᠠ ᠥᠬᠡᠢ ᠲᠡᠬᠡᠭᠰᠢᠯᠡᠬᠦᠯᠪᠠ᠃ ᠶᠣᠸᠠᠨ ᠶᠥᠩ ᠵᠧᠨ 1988 ᠣᠨ ᠳᠤ ᠳᠣᠰ ᠴᠡᠴᠡᠷᠯᠢᠭ ᠤᠨ ᠲᠠᠷᠤᠭ᠎ᠠ | ᠪᠣᠯᠣᠮᠠᠬᠴᠨ᠂ ᠲᠡᠬᠡᠳᠥ ᠱᠠᠳᠣᠨ ᠤ ᠨᠠᠮ ᠵᠠᠰᠠᠬ᠂ ᠰᠣᠷᠭᠠᠨ ᠬᠥᠮᠥᠵᠢᠯ ᠤᠨ ᠰᠠᠯᠠᠭ᠎ᠠ ᠮᠥᠴᠢᠷ ᠤᠨ ᠪᠣᠱᠤᠭ᠎ᠠ ᠶᠢ | ᠣᠯᠠᠨ ᠣᠳᠠᠭ᠎ᠠ ᠢᠯᠡᠬᠡᠵᠣ ᠪᠠᠶᠢᠵᠣ᠂ ᠪᠡᠯᠡ ᠮᠥᠩᠬᠦ ᠣᠯᠵᠣ ᠠᠪᠴᠢᠷᠠᠨ ᠬᠠᠭᠤᠴᠢᠨ ᠴᠡᠴᠡᠷᠯᠢᠭ ᠤᠨ ᠠᠯᠪᠠᠨ ᠬᠡᠷ᠂ | ᠪᠠᠶᠢᠷᠢ ᠶᠢᠨ ᠬᠡᠷ᠂ ᠬᠤᠭᠤᠯᠠᠨ ᠬᠡᠷ᠂ ᠣᠯᠠᠨ ᠬᠡᠷᠡᠭᠴᠡᠬᠡᠳᠥ ᠬᠡᠷ ᠵᠡᠷᠬᠡ ᠶᠢ ᠰᠢᠨᠡᠳᠬᠡᠨ ᠵᠠᠰᠠᠬᠰᠠᠨ ᠪᠠ ᠲᠠᠬᠢᠨ | ᠪᠠᠶᠢᠭᠤᠯᠵᠣ᠂ ᠴᠡᠴᠡᠷᠯᠢᠭ ᠤᠨ ᠬᠥᠷᠢᠶ᠎ᠠ ᠶᠢ ᠬᠠᠳᠠᠭᠤᠵᠢᠭᠤᠯᠵᠣ᠂ ᠨᠣᠭᠤᠭᠠᠷᠠᠭᠤᠯᠣᠬᠰᠠᠨ ᠪᠥᠬᠡᠳ ᠠᠩᠬᠢ ᠶᠢᠨ ᠬᠡᠷ | ᠪᠣᠯᠭᠠᠨ ᠳᠤ ᠺᠣᠮᠫᠢᠦ᠋ᠲ᠋ᠧᠷ᠂ ᠲᠧᠯᠸᠢᠰ᠂ ᠲᠡᠬᠦᠯᠲᠡᠷ ᠬᠤᠭᠤᠷ᠂ ᠳᠣᠬᠯᠠᠭᠠᠮ ᠤᠨ ᠳᠥᠬᠦᠬᠡᠷᠣᠮᠵᠢ ᠵᠡᠷᠬᠡ ᠶᠢ ᠴᠥᠮ | ᠪᠥᠷᠢᠳᠥᠬᠦᠯᠵᠣ᠂ ᠪᠠᠭᠰᠢ ᠠᠵᠢᠯᠳᠠᠨ ᠤ ᠠᠵᠢᠯ ᠤᠨ ᠣᠷᠮ᠎ᠠ ᠵᠣᠷᠢᠬ ᠤᠨ ᠢᠳᠡᠪᠬᠢᠵᠢᠯ ᠢ ᠲᠡᠬᠡᠭᠰᠢᠯᠡᠬᠦᠯᠵᠣ᠂ | ᠰᠣᠷᠣᠬᠴᠢᠳ ᠤᠨ ᠰᠣᠷᠣᠯᠴᠠᠬᠤ ᠣᠷᠴᠢᠨ ᠢ ᠰᠠᠶᠢᠵᠢᠷᠠᠭᠤᠯᠪᠠ᠃ ᠡᠬᠦᠨ ᠤ ᠬᠠᠮᠳᠥ ᠪᠥᠬᠦ ᠬᠤᠰᠢᠭᠤᠨ ᠤ | ᠴᠡᠴᠡᠷᠯᠢᠭ ᠢ ᠨᠠᠷᠢᠨ ᠬᠢᠨᠠᠮᠠᠭᠠᠢ ᠪᠠᠶᠢᠴᠠᠭᠠᠨ ᠥᠵᠡᠭᠰᠡᠨ ᠤ ᠲᠠᠷᠠᠭ᠎ᠠ᠂ ᠪᠥᠬᠦ ᠬᠤᠰᠢᠭᠤᠨ ᠳᠤ ᠠᠩᠬᠠᠳᠠᠬᠴᠢ ᠪᠥᠬᠦᠯᠢ | ᠡᠳᠣᠷ ᠢᠶᠠᠷ ᠬᠡᠣᠬᠡᠳ ᠬᠠᠷᠠᠬᠤ ᠳᠥᠷᠢᠮᠳᠥ ᠬᠡᠣᠬᠡᠳ ᠤᠨ ᠴᠡᠴᠡᠷᠯᠢᠭ ᠢ ᠵᠣᠷᠢᠬᠳᠡᠢ ᠪᠠᠶᠢᠭᠤᠯᠣᠭᠠᠳ ᠥᠷᠬᠡᠨ ᠣᠯᠠᠨ | ᠬᠡᠷ ᠤᠨ ᠠᠬᠠᠮᠠᠳ ᠤᠨ ᠬᠠᠯᠠᠭᠤᠨ ᠬᠥᠷᠢᠶᠡᠯᠡᠯ ᠢ ᠣᠯᠣᠬᠰᠠᠨ ᠪᠥᠬᠡᠳ ᠲᠠᠯᠠᠳ ᠬᠤᠰᠢᠭᠤ ᠵᠢᠴᠢ ᠥᠢᠷ᠎ᠠ ᠬᠠᠪᠢ ᠶᠢᠨ | ᠭᠠᠵᠠᠷ ᠣᠷᠣᠨ ᠤ ᠬᠡᠣᠬᠡᠳ ᠤᠨ ᠴᠡᠴᠡᠷᠯᠢᠭ ᠤᠨ ᠰᠣᠷᠣᠯᠴᠠᠬᠤ ᠰᠠᠶᠢᠨ ᠲᠠᠭᠤᠷᠢᠶᠠᠯ ᠪᠣᠯᠪᠠ᠃ ᠲᠡᠷᠡ ᠪᠠᠰᠠᠬᠢᠴᠢᠶᠡᠯ | ᠬᠥᠮᠥᠵᠢᠯ ᠤᠨ ᠶᠠᠰᠣ ᠴᠢᠨᠠᠷ ᠢ ᠲᠠᠰᠣᠷᠠᠯᠳᠠ ᠥᠬᠡᠢ ᠲᠡᠭᠡᠭᠰᠢᠯᠡᠬᠦᠯᠬᠦ ᠶᠢ ᠴᠢᠩᠭ᠎ᠠ ᠠᠳᠬᠤᠳᠠᠬ ᠪᠠᠶᠢᠨ᠎ᠠ᠃ ᠲᠡᠷᠡ᠂ | 2003 ᠣᠨ ᠠᠴᠠ 2005 ᠣᠨ ᠬᠥᠷᠳᠡᠯ᠎ᠠ ᠬᠤᠶᠠᠷ ᠵᠢᠯ ᠤᠨ ᠬᠤᠭᠤᠴᠠᠭᠠᠨ ᠳᠤ | ᠰᠣᠷᠭᠠᠨᠬᠥ᠋ᠮᠥᠵᠢᠯ ᠤᠨᠬᠠᠮᠢᠶᠠᠷᠣᠯᠳᠠ ᠶᠢᠨ ᠪᠥᠬᠦ ᠬᠢᠴᠢᠶᠠᠯ ᠢ ᠥᠪᠠᠷᠰᠠᠳ ᠢᠶᠠᠨ ᠰᠣᠷᠣᠯᠴᠠᠭᠠᠳ ᠶᠡᠭᠡ | ᠰᠣᠷᠭᠠᠭᠤᠯᠢ ᠵᠢᠨᠲ᠋ᠣᠰᠬᠠᠢ ᠮᠡᠷᠬᠡᠵᠢᠯ ᠤᠨ ᠥᠨᠠᠮᠯᠠᠯ ᠢ ᠣᠯᠵᠣ᠂ ᠥᠪᠡᠷ ᠤᠨ ᠪᠡᠶ᠎ᠠ ᠶᠢᠨ ᠮᠡᠳᠡᠯᠬᠡ ᠪᠠᠨ | ᠲᠡᠬᠡᠭᠰᠢᠯᠡᠬᠦᠯᠬᠦ ᠶᠢᠨ ᠬᠠᠮᠳᠣ ᠴᠡᠴᠡᠷᠯᠢᠭ ᠤᠨ ᠢᠶᠠᠨ ᠪᠠᠭᠰᠢ ᠨᠠᠷ ᠢ ᠵᠢᠯ ᠪᠥᠷᠢ ᠡᠬᠡᠯᠵᠢ ᠪᠠᠷ ᠪᠡᠬᠡᠵᠢᠩ᠂ ᠱᠠᠩᠬᠠᠢ᠂ | ᠶᠠᠫᠣᠨ ᠵᠡᠷᠬᠡ ᠭᠠᠵᠠᠷ ᠵᠶ᠋ᠠᠷᠣᠴᠢᠭᠤᠯᠵᠣ ᠲᠠᠪᠳᠠᠨ ᠪᠣᠯᠪᠠᠰᠣᠷᠠᠭᠤᠯᠵᠣ᠂ ᠮᠡᠳᠡᠯᠬᠡ ᠮᠡᠷᠬᠡᠵᠢᠯ ᠢ ᠨᠢ ᠲᠠᠰᠣᠷᠠᠯᠳᠠ | ᠥᠬᠡᠢ ᠲᠡᠭᠡᠭᠰᠢᠯᠡᠬᠦᠯᠳᠡᠭ ᠪᠠᠶᠢᠨ᠎ᠠ᠃ ᠢᠩᠬᠢᠬᠡᠳ ᠡᠯ᠎ᠠ ᠲᠡᠯ᠎ᠠ ᠶᠢᠨ ᠬᠠᠮᠢᠶᠠᠷᠣᠯᠳᠠ᠂ ᠨᠥᠬᠦᠴᠡᠯ | ᠰᠠᠶᠢᠵᠢᠷᠠᠬᠰᠠᠨ ᠠᠴᠠ ᠴᠡᠴᠡᠷᠯᠢᠭ ᠲᠤ᠋ᠣᠷᠣᠬᠤ ᠬᠡᠣᠬᠡᠳ ᠤᠨ ᠳᠤᠭ᠎ᠠ ᠥᠳᠳᠡᠷ ᠳᠥᠷᠬᠡᠨ ᠲᠡᠬᠡᠭᠰᠢᠯᠡᠵᠣ᠂ ᠣᠣᠯ ᠤᠨ | ᠵᠠᠭᠤ ᠬᠥᠷᠬᠦ ᠦᠬᠡᠢ ᠪᠠᠶᠢᠬᠰᠠᠨ ᠰᠣᠷᠣᠬᠴᠢᠳ ᠠᠴᠠ 700 ᠭᠠᠷᠣᠢ ᠪᠣᠯᠣᠨ ᠨᠡᠮᠡᠭᠳᠡᠵᠣ᠂ ᠬᠡᠪᠴᠢᠶ᠎ᠠ ᠪᠠᠷ ᠶᠡᠭᠡ᠂ | ᠨᠡᠷ᠎ᠠ ᠮᠠᠳᠡᠴᠨ ᠶᠢᠨ ᠬᠡᠮᠵᠢᠶᠠᠰᠠᠶᠢᠨ ᠥᠪᠡᠷᠳᠡᠬᠡᠨ ᠵᠠᠰᠠᠬᠤ ᠣᠷᠣᠨ ᠤ ᠲᠡᠰ ᠤᠨ ᠲᠠᠭᠤᠷᠢᠶᠠᠯ ᠴᠡᠴᠡᠷᠯᠢᠭ ᠪᠣᠯᠣᠬᠰᠠᠨ | ᠪᠠᠶᠢᠨ᠎ᠠ᠃ | ᠬᠥᠳᠡᠯᠮᠥᠷᠢ ᠬᠥᠮᠥᠨ ᠢ ᠭᠤᠮᠣᠳᠠᠭᠠᠳᠠᠬ ᠥᠬᠡᠢ ᠬᠡᠳᠡᠭ ᠢᠶᠠᠷ᠂ ᠶᠣᠸᠠᠨ ᠶᠥᠩ ᠵᠧᠨ ᠪᠠᠭᠰᠢ ᠶᠢᠨ | ᠰᠢᠷᠭᠠᠭᠤ ᠴᠢᠷᠮᠠᠶᠢᠯᠭ᠎ᠠ ᠪᠠᠷ ᠳᠣᠰ ᠬᠡᠣᠬᠡᠳ ᠤᠨ ᠴᠡᠴᠡᠷᠯᠢᠭ ᠨᠢ 1989 ᠠᠴᠠ ᠨᠡᠭᠠᠰᠢ᠂ ᠣᠷᠢᠳ ᠬᠤᠵᠢᠳ ︽ | ᠪᠥᠬᠦ ᠬᠤᠰᠢᠭᠤᠨ ᠤ ᠰᠣᠷᠭᠠᠨ ᠬᠥᠮᠥᠵᠢᠯ ᠤᠨ ᠲᠡᠷᠢᠬᠦᠨ ᠤ ᠬᠠᠮᠳᠣ ᠨᠠᠶᠢᠳᠠ︾᠂ ︽ᠣᠷᠳᠣᠰ ᠬᠤᠳᠠ ᠶᠢᠨ | ᠥᠨᠳᠥᠰᠥᠳᠡᠨ ᠤ ᠪᠥᠯᠬᠦᠮᠳᠡᠯ ᠲᠠᠪᠰᠢᠯᠳᠠ ᠶᠢᠨ ᠲᠡᠷᠢᠬᠦᠨ ᠤ ᠬᠠᠮᠳᠣ ᠨᠠᠶᠢᠳᠠ︾᠂ ︽ᠣᠷᠳᠣᠰ | ᠬᠤᠳᠠ ᠵᠢᠨᠪᠣᠯᠪᠠᠰᠣᠨ ᠨᠢᠬᠡᠴᠢ︾ ᠵᠡᠷᠬᠡ ᠢᠷᠠᠭᠤ ᠠᠯᠳᠠᠷ ᠢ ᠬᠥᠷᠳᠡᠵᠣ᠂ ᠲᠡᠷᠡ ᠥᠪᠡᠷ ᠢᠶᠠᠨ ᠴᠥ᠂ ᠬᠤᠳᠠ ᠶᠢᠨ | ᠲᠡᠰ ᠤᠨ ᠲᠡᠷᠢᠬᠦᠨ ᠤ ᠠᠵᠢᠯᠳᠠᠨ᠂ ᠬᠥᠳᠡᠯᠮᠥᠷᠢ ᠶᠢᠨ ᠵᠢᠱᠢᠶᠡᠴᠢ᠂ ᠥᠪᠡᠷᠳᠡᠬᠡᠨ ᠵᠠᠰᠠᠬᠤ ᠣᠷᠣᠨ ᠤ ᠲᠡᠰ ᠤᠨ | ᠴᠡᠴᠡᠷᠯᠢᠭ ᠤᠨᠰᠣᠷᠭᠠᠨ ᠬᠥᠮᠥᠵᠢᠯ ᠤᠨ ᠲᠡᠷᠢᠬᠦᠨ ᠤ ᠠᠵᠢᠯᠳᠠᠨ᠂ ᠣᠯᠠᠨ ᠣᠳᠠᠭ᠎ᠠ ᠣᠷᠳᠣᠰ ᠬᠤᠳᠠ᠂ | ᠥᠪᠡᠷᠳᠡᠬᠡᠨ ᠵᠠᠰᠠᠬᠤ ᠣᠷᠣᠨ ᠤ ᠥᠨᠳᠥᠰᠥᠳᠡᠨ ᠤ ᠪᠥᠯᠬᠦᠮᠳᠡᠯ ᠲᠠᠪᠰᠢᠯᠳᠠ ᠶᠢᠨ ᠲᠡᠷᠢᠬᠦᠨ ᠤ ᠬᠤᠪᠢ ᠬᠥᠮᠥᠨ ᠢᠶᠠᠷ | ᠡ᠊ᠩᠬᠡᠷ ᠵᠶ᠋ᠠᠨᠮᠢᠯᠢᠶᠠᠯᠭᠠᠵᠣ ᠶᠠᠪᠣᠬᠰᠠᠨ ᠪᠠᠶᠢᠨ᠎ᠠ᠃ | ᠲᠠᠯᠠᠳ ᠬᠤᠰᠢᠭᠤᠨ ᠤ ᠥᠨᠳᠥᠰᠥᠳᠡᠨ ᠤ ᠬᠡᠣᠬᠡᠳ ᠤᠨ ᠴᠡᠴᠡᠷᠯᠢᠭ ᠤᠨ ᠬᠥᠭᠵᠢᠯᠳᠠ ᠨᠢᠬᠡᠪᠥᠷᠢ ᠳᠤ | ᠴᠥᠮᠶᠣᠸᠠᠨ ᠶᠥᠩ ᠵᠧᠨ ᠪᠠᠭᠰᠢ ᠶᠢᠨ ᠣᠶᠣᠨ ᠣᠬᠠᠭᠠᠨ ᠪᠠ ᠠᠷᠢᠭᠤᠨ ᠬᠥᠳᠡᠯᠮᠥᠷᠢ ᠰᠢᠩᠬᠡᠵᠣ ᠪᠠᠶᠢᠳᠠᠬ᠃ | ᠶᠣᠸᠠᠨᠶᠥ᠋ᠩ ᠵᠧᠨ ᠪᠠᠭᠰᠢ ᠶᠢᠨ ᠪᠦᠯᠬᠦᠮᠳᠡᠯ ᠨᠢᠭᠳᠠᠷᠠᠯ ᠤᠨ ᠬᠠᠮᠳᠣ ᠶᠢᠨ ᠬᠥᠴᠥᠨ ᠳᠤ ᠴᠡᠴᠡᠷᠯᠢᠭ ᠤᠨ ᠮᠠᠷᠭᠠᠰᠢ | ᠨᠠᠩ ᠬᠡᠷᠡᠯ ᠰᠠᠴᠣᠷᠠᠩᠭᠤᠢ ᠪᠣᠯᠬᠤ ᠨᠢ ᠯᠠᠪᠳᠡᠢ︕ | |