1. ᠭᠡᠶᠢᠴᠢᠨ ᠵᠣᠴᠢᠨ ᠴᠤᠭᠯᠠᠷᠠᠬᠤ | ᠭᠦᠭᠦᠯ ᠬᠤᠷᠢᠮ ᠪᠠ ᠰᠠᠭᠠᠳᠠᠭ ᠬᠤᠷᠢᠮ ᠳᠤ ᠬᠡᠦᠬᠡᠨ ᠲᠠᠯ᠎ᠠ ᠪᠠ ᠬᠦᠷᠭᠡᠨ ᠲᠠᠯ᠎ᠠ ᠶᠢᠨ ᠰᠢᠳᠠᠷ ᠲᠥᠷᠥᠯ | ᠰᠠᠳᠤᠨ ᠵᠠᠪᠠᠯ ᠬᠤᠷᠢᠮ ᠤᠨ ᠤᠷᠢᠳ ᠡᠳᠦᠷ ᠲᠤ ᠲᠤᠰ ᠲᠤᠰ ᠲᠠᠭᠠᠨ ᠴᠤᠭᠯᠠᠷᠠᠵᠤ ᠢᠷᠡᠭᠰᠡᠨ ᠪᠠᠶᠢᠬᠤ ᠬᠡᠷᠡᠭᠲᠡᠢ᠃ | ᠭᠡᠬᠦ ᠳᠡᠭᠡᠨ ᠬᠤᠷᠢᠮ ᠤᠨ ᠰᠠᠪᠠ᠂ ᠭᠡᠷ ᠤᠨ ᠰᠠᠪᠠ᠂ ᠬᠦᠷᠭᠡᠨ ᠬᠦᠦ᠂ ᠬᠡᠦᠬᠡᠨ ᠤ ᠬᠤᠪᠢ ᠭᠡᠵᠤ ᠭᠤᠷᠪᠠᠨ | ᠵᠦᠢᠯ ᠤᠨ ᠰᠠᠪᠠ ᠶᠢᠨ ᠪᠡᠯᠡᠳᠬᠡᠮᠵᠢ ᠲᠠᠢ ᠢᠷᠡᠨ᠎ᠡ᠃ | 2.ᠰᠠᠪᠠ ᠪᠡᠯᠡᠭ ᠲᠠᠯᠪᠢᠬᠤ | ᠲᠥᠷᠥᠯ ᠤᠳ ᠴᠤᠭᠯᠠᠷᠠᠨ ᠢᠷᠡᠭᠰᠡᠨ ᠳᠠᠷᠠᠭ᠎ᠠ ᠠᠮᠤᠷ ᠮᠡᠨᠳᠤ ᠠᠰᠠᠭᠤᠯᠴᠠᠨ ᠬᠦᠬᠦᠷ ᠰᠣᠯᠢᠯᠴᠠᠵᠤ ᠵᠣᠯᠭᠠᠵᠤ | ᠭᠡᠷ ᠲᠤ ᠣᠷᠣᠵᠤ ᠴᠠᠢ ᠠᠮᠰᠠᠭᠰᠠᠨ ᠳᠠᠷᠠᠭ᠎ᠠ ᠰᠢᠳᠠᠷ ᠲᠥᠷᠥᠯ ᠤᠨ ᠶᠡᠭᠡ ᠪᠠᠭ᠎ᠠ ᠶᠢᠨ ᠳᠠᠷᠠᠭᠠᠯᠠᠯ ᠢᠶᠠᠷ ᠰᠠᠪᠠ | ᠪᠡᠯᠡᠭ ᠢᠶᠠᠨ ᠲᠠᠯᠪᠢᠨ᠎ᠠ᠃ | ᠬᠤᠨᠢᠨ ᠰᠢᠭᠦᠰᠦᠨ ᠳᠤ ᠬᠠᠰᠢᠯᠠᠭ ᠪᠣᠯᠭᠠᠵᠤ ᠵᠢᠷᠭᠤᠭᠠᠨ ᠪᠣᠭᠤᠷᠰᠤᠭ ᠳᠠᠭᠠᠯᠳᠤᠭᠤᠯᠵᠤ ᠰᠢᠭᠦᠰᠦᠨ ᠳᠡᠭᠡᠷ᠎ᠡ | ᠨᠢ ᠵᠠᠪᠠᠯ ᠵᠢᠩᠰᠡ ︵ᠲᠤᠭ︶ ᠲᠠᠯᠪᠢᠬᠤ ᠬᠡᠷᠡᠭᠲᠡᠢ᠃ ᠭᠡᠷ ᠤᠨ ᠰᠠᠪᠠ ᠳᠤ ᠨᠠᠢᠮᠠᠨ ᠪᠣᠭᠤᠷᠰᠤᠭ᠂ ᠲᠤᠭ ᠲᠠᠢ | ᠲᠠᠯᠪᠢᠨ᠎ᠠ᠃ ᠴᠠᠢ ᠶᠢᠨ ᠰᠢᠭᠦᠰᠦᠨ ᠳᠤ ᠵᠢᠷᠭᠤᠭᠠᠨ ᠪᠣᠭᠤᠷᠰᠤᠭ ᠳᠠᠭᠠᠯᠳᠤᠭᠤᠯᠵᠤ ᠳᠡᠭᠡᠷ᠎ᠡ ᠨᠢ ᠲᠤᠭ ᠲᠠᠯᠪᠢᠵᠤ᠂ | ᠴᠠᠢ ᠶᠢᠨ ᠦᠰᠦᠭ ᠤᠨ ᠲᠣᠯᠤᠭᠠᠢ ᠶᠢ ᠪᠡᠶ᠎ᠡ ᠵᠦᠭ ᠢᠶᠠᠨ ᠬᠠᠨᠳᠤᠭᠤᠯᠤᠨ᠎ᠠ᠃ ᠰᠠᠪᠠ ᠪᠡᠯᠡᠭ ᠢᠶᠠᠨ ᠲᠠᠯᠪᠢᠭᠰᠠᠨ | ᠬᠤᠶᠢᠨ᠎ᠠ ᠬᠤᠷᠢᠮ ᠤᠨ ᠲᠥᠪ ᠦᠭᠡᠢ ᠪᠣᠯ ᠭᠡᠷ ᠤᠨ ᠡᠵᠡᠨ ᠳᠤ ᠴᠠᠭᠠᠨ ᠢᠳᠡᠭᠡ ᠠᠮᠰᠠᠭᠤᠯᠤᠨ ᠶᠠᠮᠠᠷ ᠶᠠᠮᠠᠷ ᠰᠠᠪᠠ | ᠪᠡᠯᠡᠭ ᠭᠡᠵᠤ ᠨᠡᠷᠡᠴᠢᠯᠡᠵᠤ ᠲᠤᠰᠢᠶᠠᠨ᠎ᠠ᠃ ᠰᠠᠪᠠ ᠪᠡᠯᠡᠭ ᠢ ᠭᠠᠷᠳᠠᠨ ᠠᠪᠤᠭᠰᠠᠨ ᠳᠠᠷᠠᠭ᠎ᠠ ᠰᠠᠪᠠ ᠶᠢᠨ ᠬᠠᠷᠢᠭᠤ ᠭᠡᠵᠤ | ᠬᠤᠶᠠᠷ ᠪᠣᠭᠤᠷᠰᠤᠭ ᠢ ᠳᠠᠷᠤᠢ ᠳᠤᠨᠢ ᠪᠤᠴᠠᠭᠠᠨ᠎ᠠ᠃ | ᠬᠦᠷᠭᠡᠨ ᠬᠦᠦ ᠪᠤᠶᠤ ᠬᠡᠦᠬᠡᠨ ᠤ ᠬᠤᠪᠢ ᠶᠢ ᠲᠤᠰ ᠬᠦᠮᠦᠨ ᠳᠤ ᠨᠢ ᠴᠠᠭᠠᠨ ᠢᠳᠡᠭᠡ ᠠᠮᠰᠠᠭᠤᠯᠤᠨ | ᠥᠭᠭᠦᠨ᠎ᠡ ᠃ ᠭᠡᠬᠦ ᠳᠤ ᠴᠠᠭᠠᠨ ᠢᠳᠡᠭᠡᠨ ᠠᠮᠰᠠᠭᠠᠳ ᠮᠥᠷᠭᠦᠵᠦ ᠳᠣᠰᠴᠤ ᠠᠪᠤᠨ᠎ᠠ᠃ ᠶᠡᠷᠦᠩᠬᠡᠢ ᠳᠡᠭᠡᠨ ᠬᠦᠷᠭᠡᠨ | ᠬᠦᠦ ᠪᠠ ᠬᠡᠦᠬᠡᠨ ᠤ ᠬᠤᠪᠢ ᠳᠤ ᠨᠠᠢᠮᠠᠨ ᠪᠣᠭᠤᠷᠰᠤᠭ᠂ ᠵᠠᠬ᠎ᠠ ᠬᠤᠪᠴᠠᠰᠤ ᠪᠤᠶᠤ ᠬᠤᠪᠴᠠᠰᠤᠨ ᠤ ᠪᠠᠷᠠᠭ᠎ᠠ᠂ | ᠬᠡᠦᠬᠡᠨ ᠤ ᠡᠮᠦᠰᠭᠡᠯ ᠵᠠᠰᠠᠯ ᠴᠢᠮᠡᠭ ᠤᠨ ᠡᠳ᠋᠂ ᠵᠣᠭᠤᠰ ᠮᠥᠩᠭᠦ ᠴᠤ ᠪᠠᠶᠢᠵᠤ ᠪᠣᠯᠤᠨ᠎ᠠ᠃ | ᠭᠡᠶᠢᠴᠢᠨ ᠵᠣᠴᠢᠨ ᠴᠥᠮ ᠴᠤᠭᠯᠠᠷᠠᠵᠤ ᠰᠠᠪᠠ ᠪᠡᠯᠡᠭ ᠲᠠᠯᠪᠢᠵᠤ ᠪᠠᠷᠠᠭᠰᠠᠨ ᠳᠠᠷᠠᠭ᠎ᠠ ᠵᠣᠴᠢᠳ ᠲᠤ ᠰᠠᠭᠤᠳᠠᠯ | ᠵᠠᠰᠠᠵᠤ ᠴᠠᠢ ᠤᠤᠭᠤᠯᠭᠠᠨ᠎ᠠ᠃ ᠢᠩᠬᠢᠭᠡᠳ ᠭᠡᠷ ᠤᠨ ᠡᠵᠡᠨ ᠵᠣᠴᠢᠳ ᠲᠠᠭᠠᠨ ᠭᠤᠷᠪᠠᠨ ᠬᠤᠨᠳᠠᠭ᠎ᠠ ᠠᠷᠢᠬᠢ | ᠪᠠᠷᠢᠭᠠᠳ᠄ ︽ᠵᠠ︕ ᠬᠤᠷᠢᠮ ᠤᠨ ᠡᠬᠡᠳᠡᠨ᠂ ᠬᠤᠨᠴᠢᠨ᠂ ᠪᠡᠷᠭᠡᠳ ᠬᠤᠯᠠ ᠣᠶᠢᠷ᠎ᠠ ᠶᠢᠨ ᠥᠷᠭᠡᠨ | ᠲᠥᠷᠥᠯ ᠤᠳ ᠢ ᠤᠷᠢᠵᠤ ᠠᠪᠴᠢᠷᠠᠭᠰᠠ ᠤᠴᠢᠷ ᠪᠣᠯᠪᠠᠰᠤ ᠮᠠᠨ ᠤ ᠬᠦᠦ ︵ᠬᠡᠦᠬᠡᠨ︶ ᠨᠢᠭᠡ ᠪᠡᠶ᠎ᠡ ᠬᠤᠶᠠᠷ ᠪᠣᠯᠵᠤ | ᠠᠶᠢᠯ ᠭᠡᠷ ᠪᠣᠯᠬᠤ ᠬᠤᠷᠢᠮ ᠨᠠᠶᠢᠷ ᠬᠢᠬᠦ ᠲᠤᠬᠠᠢ ᠶᠤᠮ ᠡ᠂ ᠬᠤᠷᠢᠮ ᠤᠨ ᠶᠠᠪᠤᠳᠠᠯ ᠢ ᠬᠡᠷᠬᠢᠨ ᠵᠣᠬᠢᠴᠠᠭᠤᠯᠵᠤ | ᠥᠩᠭᠡ ᠲᠠᠢ ᠰᠠᠶᠢᠬᠠᠨ ᠪᠣᠯᠭᠠᠬᠤ ᠶᠢ ᠲᠠ ᠪᠦᠬᠦᠨ ᠳᠡᠭᠡᠨ ᠨᠠᠶᠢᠳᠠᠵᠤ ᠪᠠᠶᠢᠨ᠎ᠠ ︾ ᠭᠡᠵᠤ ᠮᠥᠷᠭᠦᠭᠡᠳ ᠬᠤᠷᠢᠮ ᠤᠨ | ᠲᠥᠷᠦᠭᠦᠦ ᠳᠤ ᠬᠤᠷᠢᠮ ᠢ ᠰᠠᠶᠢᠬᠠᠨ ᠠᠮᠵᠢᠯᠲᠠ ᠲᠠᠢ ᠪᠣᠯᠭᠠᠰᠤᠭᠠᠢ ᠭᠡᠵᠦ ᠲᠠᠬᠢᠨᠳᠠ ᠬᠠᠳᠠᠭ ᠲᠠᠲᠠᠵᠤ ᠨᠠᠶᠢᠲᠠᠨᠠ᠃ | ᠬᠤᠷᠢᠮ ᠤᠨ ᠲᠥᠷᠦᠭᠦᠦ ᠭᠡᠷ ᠤᠨ ᠡᠵᠡᠨ ᠤ ᠨᠠᠶᠢᠳᠠᠯᠭ᠎ᠠ ᠪᠠᠷ ᠬᠤᠷᠢᠮ ᠤᠨ ᠳᠡᠮᠴᠢ ᠲᠡᠷᠢᠭᠦᠯᠡᠨ ᠠᠯᠢᠪᠠ | ᠲᠣᠭᠤᠭᠠᠴᠢ᠂ ᠦᠢᠯᠡᠴᠢᠯᠡᠭᠴᠢ᠂ ᠬᠤᠨᠴᠢᠨ᠂ ᠨᠠᠶᠢᠷᠴᠢᠨ᠂ ᠪᠡᠷᠭᠡᠨ ᠬᠦᠷᠳᠡᠯ᠎ᠡ ᠨᠢᠭᠡ ᠨᠢᠭᠡ ᠪᠠᠷ ᠠᠷᠢᠬᠢ ᠪᠠᠷᠢᠵᠤ | ᠠᠵᠢᠯ ᠳᠠᠭᠠᠭᠠᠯᠭᠠᠨ᠎ᠠ᠃ ᠢᠩᠬᠢᠭᠡᠳ ᠪᠦᠬᠦ ᠵᠣᠴᠢᠳ ᠲᠤ ᠰᠠᠭᠤᠳᠠᠯ ᠵᠠᠰᠠᠵᠤ ᠭᠦᠭᠦᠯ ᠬᠤᠷᠢᠮ ᠪᠤᠶᠤ ᠰᠠᠭᠠᠳᠠᠭ | ᠬᠤᠷᠢᠮ ᠵᠢᠩᠬᠢᠨᠢ ᠪᠠᠷ ᠡᠬᠢᠯᠡᠵᠦ ᠬᠤᠷᠢᠮ ᠤᠨ ᠴᠠᠢ ᠤᠤᠭᠤᠨ᠎ᠠ᠃ | ᠭᠦᠭᠦᠯ ᠬᠤᠷᠢᠮ ᠨᠢ ᠬᠤᠷᠢᠮ ᠤᠨ ᠴᠠᠢ ᠠᠴᠠ ᠡᠮᠦᠨ᠎ᠡ ᠮᠣᠷᠳᠠᠬᠤ ᠬᠡᠦᠬᠡᠨ ᠤ ᠭᠡᠵᠢᠭᠡ ᠶᠢ ᠭᠦᠭᠦᠯ ᠭᠦᠷᠦᠵᠦ | ᠡᠬᠡᠨᠡᠷ ᠬᠦᠮᠦᠨ ᠤ ᠮᠠᠯᠠᠭᠠᠢ ᠵᠠᠰᠠᠯ᠂ ᠰᠠᠶᠢᠬᠠᠨ ᠬᠤᠪᠴᠠᠰᠤ ᠡᠮᠦᠰᠭᠡᠵᠤ ᠲᠣᠯᠤᠭᠠᠢ ᠶᠢ ᠳᠣᠷᠳᠣᠩ ᠢᠶᠠᠷ ᠪᠦᠷᠬᠦᠵᠦ | ᠣᠯᠠᠨ ᠲᠥᠷᠥᠯ ᠳᠤ ᠠᠮᠤᠷ ᠠᠰᠠᠭᠤᠵᠤ ᠬᠦᠬᠦᠷ ᠰᠣᠯᠢᠨ᠎ᠠ᠃ | 3.ᠳᠠᠭᠤᠤ ᠳᠦᠷᠢᠵᠤ ᠬᠤᠷᠢᠮ ᠨᠠᠶᠢᠷ ᠡᠬᠢᠯᠡᠬᠦ | ᠬᠤᠷᠢᠮ ᠤᠨ ᠴᠠᠢ ᠶᠢᠨ ᠳᠠᠷᠠᠭ᠎ᠠ ᠬᠤᠷᠢᠮ ᠤᠨ ᠠᠷᠢᠬᠢ ᠭᠤᠷᠪᠠᠨ ᠬᠤᠨᠳᠠᠭ᠎ᠠ ᠥᠩᠭᠡᠷᠡᠪᠡᠯ ᠬᠤᠷᠢᠮ ᠤᠨ | ᠲᠥᠪ ᠰᠢᠷᠡᠭᠡᠨ ᠠᠴᠠ ︽ᠠᠶᠠᠬᠠᠨ ᠰᠠᠶ᠋ᠢ᠂ ᠸᠠᠶᠢᠳᠤᠨ ᠰᠠᠶ᠋ᠢ᠂ ᠠᠶᠠᠬᠠᠨ ᠰᠠᠶ᠋ᠢ ᠠᠰᠢᠳᠠ ᠶᠢᠨ ᠠᠮᠤᠭᠤᠯᠠᠩ ᠵᠢᠷᠭᠠᠶ᠎ᠠ | ᠪᠢᠳᠡ︾ ᠭᠡᠵᠦ ᠳᠠᠭᠤᠤ ᠳᠥᠷᠢᠭᠰᠡᠭᠡᠷ ᠳᠠᠭᠤᠴᠢᠨ ᠨᠠᠶᠢᠷᠴᠢᠨ ᠮᠠᠩᠯᠠᠢ ᠳᠠᠭᠤᠤ ᠮᠠᠰᠢ ᠴᠤᠬᠠᠭ ᠳᠡᠭᠡᠳᠤ ᠁ | ᠭᠡᠳ ᠯᠠ ᠬᠠᠩᠭᠢᠨᠠᠭᠤᠯᠤᠨ᠎ᠠ᠃ ᠬᠤᠶᠠᠷ ᠠᠴᠠ ᠭᠤᠷᠪᠠᠨ ᠪᠠᠳᠠᠭ ᠳᠠᠭᠤᠯᠠᠬᠤ ᠪᠤᠷᠢ ᠲᠥᠪ ᠤᠨ ᠰᠢᠷᠡᠭᠡᠨ ᠠᠴᠠ | ᠳᠠᠬᠢᠨᠳᠠ ᠲᠥᠷᠢᠯᠭᠡ ᠡᠬᠢᠯᠡᠭᠦᠯᠵᠦ᠂ ᠬᠤᠶᠠᠳᠠᠬᠢ ᠭᠦᠷᠦ ᠳᠠᠭᠤᠤ ᠪᠠᠨ ᠳᠠᠭᠤᠯᠠᠨ᠎ᠠ᠂ ᠮᠥᠨ ᠬᠤᠶᠠᠷ ᠠᠴᠠ ᠭᠤᠷᠪᠠᠨ | ᠪᠠᠳᠠᠭ ᠳᠠᠭᠤᠯᠠᠭᠰᠠᠨ ᠳᠠᠷᠠᠭ᠎ᠠ ᠬᠤᠷᠢᠮ ᠤᠨ ᠲᠥᠪᠯᠡᠨ ᠰᠠᠭᠤᠭᠴᠢᠳ ᠠᠴᠠ ᠭᠤᠷᠪᠠᠳᠠᠬᠢ ᠳᠠᠭᠤᠨ ᠤ ᠲᠥᠷᠢᠯᠭᠡ | ᠬᠢᠵᠤ ᠳᠠᠭᠤᠴᠢᠨ ᠠᠴᠠ ᠭᠤᠷᠪᠠᠳᠠᠬᠢ ᠭᠦᠷᠦ ᠳᠠᠭᠤᠤ ᠪᠠᠨ ᠳᠠᠭᠤᠯᠠᠨ᠎ᠠ᠃ | ᠦᠷᠭᠦᠯᠵᠢ ᠳᠠᠭᠤᠯᠠᠳᠠᠭ ᠭᠦᠷᠦ ᠳᠠᠭᠤᠤ ︽ ᠮᠠᠰᠢ ᠴᠤᠬᠠᠭ︾᠂ ︽ᠰᠠᠭᠯᠠᠭᠠᠷ ᠽᠠᠨᠳᠠᠨ︾᠂ | ︽ᠬᠥᠬᠡᠷᠡᠭᠴᠢ ᠤᠭᠲᠠᠷᠭᠤᠢ︾᠂ ︽ᠪᠣᠷᠣ ᠲᠤᠬᠤᠢ ᠶᠢᠨ ᠴᠡᠴᠡᠭ ︾᠂ ︽ᠰᠠᠶᠢᠷ ᠪᠤᠯᠠᠭ︾᠂ ︽ᠥᠨᠳᠥᠷ | ᠵᠢᠮ᠎ᠡ ᠶᠢᠨ ᠰᠢᠯᠢ︾᠂ 《 ᠳᠠᠯᠭᠡᠷ ᠬᠠᠩᠭᠠᠢ ︾᠂ ︽ᠲᠥᠷᠥ ᠶᠢᠨ ᠶᠡᠭᠡ ᠠᠰᠠᠷ ︾ ᠭᠡᠬᠦ ᠮᠡᠲᠦ ᠪᠠᠷ ᠠᠷᠪᠠᠭᠠᠳ | ᠳᠠᠭᠤᠤ ᠪᠠᠶᠢᠳᠠᠭ ᠰᠠᠨ᠃ | 4.ᠳᠠᠭᠤᠤ ᠶᠢᠨ ᠵᠣᠷᠢᠭ ᠮᠡᠳᠡᠭᠦᠯᠬᠦ | ᠮᠠᠩᠯᠠᠢ ᠭᠤᠷᠪᠠᠨ ᠳᠠᠭᠤᠤ ᠥᠩᠭᠡᠷᠡᠪᠡᠯ ᠳᠠᠭᠤᠴᠢᠳ ᠠᠴᠠ ᠨᠢᠭᠡ ᠡᠷᠡᠭᠲᠡᠢ ᠨᠢᠭᠡ ᠡᠮᠡᠭᠲᠡᠢ ᠲᠥᠯᠦᠭᠡᠯᠡᠨ | ᠭᠠᠷᠴᠤ ᠬᠤᠨᠳᠠᠭᠠᠨ ᠳᠠᠭᠠᠨ ᠠᠷᠢᠬᠢ ᠳᠦᠭᠦᠷᠭᠡᠵᠦ ᠲᠥᠪᠯᠡᠨ ᠰᠠᠭᠤᠭᠰᠠᠨ ᠬᠤᠶᠠᠷ ᠬᠦᠮᠦᠨ ᠳᠤ: ︽ᠡᠵᠡᠨ | ᠲᠡᠭᠷᠢ ᠶᠢᠨ ᠬᠡᠰᠢᠭ ᠪᠠᠶᠢᠨ᠎ᠠ᠂ ᠡᠷᠬᠡᠲᠦ ᠶᠠᠮᠠᠲᠤᠭ ᠤᠨ ᠷᠠᠰᠢᠶᠠᠨ ᠪᠠᠶᠢᠨ᠎ᠠ ᠁ ᠡᠷᠭᠦᠨ ᠪᠠᠷᠢᠬᠤ ᠶᠢᠨ ᠵᠣᠷᠢᠭ | ᠪᠠᠶᠢᠨ᠎ᠠ︾ ᠭᠡᠵᠦ ᠬᠡᠳᠦᠨ ᠪᠠᠳᠠᠭ ᠳᠠᠭᠤᠯᠠᠵᠤ ᠠᠷᠢᠬᠢ ᠪᠠᠨ ᠪᠠᠷᠢᠵᠦ ᠳᠠᠭᠤᠤ ᠶᠢᠨ ᠵᠣᠷᠢᠭ ᠮᠡᠳᠡᠭᠦᠯᠦᠨ᠎ᠡ᠃ | ᠢᠩᠬᠢᠬᠦᠯᠡᠷ ᠲᠥᠪᠯᠡᠨ ᠰᠠᠭᠤᠭᠰᠠᠨ ᠬᠦᠮᠦᠨ ᠬᠤᠨᠳᠠᠭ᠎ᠠ ᠲᠠᠢ ᠠᠷᠢᠬᠢ ᠶᠢ ᠨᠢ ᠠᠪᠴᠤ ᠤᠤᠭᠤᠭᠠᠳ ᠲᠠᠬᠢᠨ | ᠳᠦᠭᠦᠷᠭᠡᠵᠤ᠄ ︽ ᠬᠤᠭᠤᠯᠠᠢ ᠨᠢ ᠬᠤᠩᠬᠤ ᠪᠣᠯᠭ᠎ᠠ᠂ ᠬᠤᠳᠣᠭᠤᠳᠤ ᠨᠢ ᠯᠣᠩᠬᠤ ᠪᠣᠯᠭ᠎ᠠ᠂ ᠳᠠᠯᠠᠨ ᠡᠬᠢᠲᠦ | ᠳᠠᠭᠤᠤ ᠪᠠᠨ ᠳ᠋ᠠᠩ ᠳ᠋ᠠᠩ ᠢᠶᠠᠷ᠂ ᠤᠯᠠᠭᠠᠨ ᠨᠠᠷᠠ ᠭᠠᠷᠲᠠᠯ᠎ᠠ᠂ ᠠᠯᠠᠭ ᠱᠠᠭᠠᠵᠠᠭᠠᠢ ᠱᠠᠭᠰᠢᠭᠳᠠᠯᠠ ᠳᠠᠭᠤᠯᠠᠭᠠᠰᠠᠢ︾ | ᠭᠡᠵᠤ ᠳᠠᠭᠤᠴᠢᠨ ᠳᠤ ᠬᠠᠷᠢᠭᠤ ᠠᠷᠢᠬᠢ ᠥᠭᠭᠦᠨ᠎ᠡ᠃ ᠢᠩᠬᠢᠬᠦ ᠳᠤ ᠬᠤᠶᠠᠷ ᠳᠠᠭᠤᠴᠢᠨ ᠬᠤᠨᠳᠠᠭ᠎ᠠ ᠲᠠᠢ | ᠠᠷᠢᠬᠢ ᠶᠢ ᠮᠥᠷᠭᠦᠨ ᠲᠣᠰᠴᠤ ᠠᠪᠤᠭᠠᠳ᠄ ︽ ᠠᠭᠰᠤᠮ ᠠᠭᠰᠤᠮ ᠮᠣᠷᠢ ᠪᠠᠶᠢᠨ᠎ᠠ᠂ ᠵᠢᠯᠣᠭᠤ ᠶᠢ ᠨᠢ ᠰᠣᠶᠢᠵᠤ | ᠮᠣᠷᠳᠠᠶ᠎ᠠ ᠳ᠋ᠠ᠂ ᠠᠮᠪᠠᠨ ᠨᠣᠶᠠᠨ ᠤ ᠥᠭᠭᠦᠭᠰᠡᠨ ᠬᠡᠰᠢᠭ ᠢ ᠠᠰᠬᠠᠯ ᠦᠭᠡᠢ ᠬᠦᠷᠲᠡᠶ᠎ᠡ ᠳ᠋ᠠ︾ ᠭᠡᠵᠤ ᠳᠠᠭᠤᠯᠠᠭᠠᠳ | ᠠᠷᠢᠬᠢ ᠪᠠᠨ ᠤᠤᠭᠤᠵᠤ᠂ ᠳᠠᠭᠤᠴᠢᠳ ᠨᠠᠶᠢᠷᠴᠢᠳ ᠲᠤ ᠥᠭᠭᠦᠭᠰᠡᠨ ᠬᠤᠪᠢ ᠪᠠᠨ ᠲᠣᠰᠴᠤ ᠠᠪᠤᠨ᠎ᠠ᠃ | ᠳᠠᠭᠤᠤ ᠲᠦᠷᠡᠬᠦ ᠭᠡᠵᠤ ᠪᠣᠯ ᠳᠠᠭᠤᠴᠢᠳ ᠢ ᠳᠠᠭᠤᠤ ᠰᠣᠯᠢᠭᠤᠯᠵᠤ ᠳᠤᠮᠳᠠ ᠨᠢ ᠵᠢᠭᠠᠬᠠᠨ ᠠᠮᠠᠷᠠᠭᠤᠯᠬᠤ ᠶᠢ | ᠢᠯᠡᠳᠬᠡᠵᠡᠢ᠃ ᠬᠤᠷᠢᠮ ᠤᠨ ᠲᠥᠪ ᠰᠢᠷᠡᠭᠡᠨ ᠠᠴᠠ ᠳᠠᠭᠤᠤ ᠲᠦᠷᠢᠵᠤ ᠯᠠ ᠪᠠᠶᠢᠪᠠᠯ ᠳᠠᠭᠤᠴᠢᠳ ᠮᠥᠨ ᠳᠠᠭᠤᠤ | ᠰᠣᠯᠢᠭᠠᠳ ᠳᠠᠭᠤᠯᠠᠵᠤ ᠯᠠ ᠰᠠᠭᠤᠬᠤ᠂ ᠭᠡᠬᠦ ᠳᠡᠭᠡᠨ ᠴᠥᠮ ᠰᠢᠯᠦᠭ ᠳᠠᠭᠤᠤ ᠳᠠᠭᠤᠯᠠᠨ᠎ᠠ᠂ ᠬᠠᠮᠢᠶ᠎ᠠ ᠦᠭᠡᠢ | ᠤᠯᠠᠭᠠᠨ ᠳᠠᠭᠤᠤ ︵ᠱᠠᠯᠢᠭ ᠳᠠᠭᠤᠤ︶ ᠳᠠᠭᠤᠯᠠᠵᠤ ᠪᠣᠯᠳᠠᠭ ᠦᠭᠡᠢ ᠶᠤᠮ᠃ | 5.ᠭᠡᠷ ᠤᠨ ᠪᠠᠶᠠᠷ ᠪᠠᠷᠢᠬᠤ | ᠳᠠᠭᠤᠤ ᠶᠢᠨ ᠵᠣᠷᠢᠭ ᠮᠡᠳᠡᠭᠦᠯᠦᠭᠰᠡᠨ ᠳᠠᠷᠠᠭ᠎ᠠ ᠭᠡᠷ ᠤᠨ ᠪᠠᠶᠠᠷ ᠪᠠᠷᠢᠨ᠎ᠠ᠃ ᠭᠡᠷ ᠤᠨ ᠪᠠᠶᠠᠷ ᠪᠠᠷᠢᠬᠤ ᠭᠡᠵᠤ | ᠪᠣᠯ ᠭᠡᠷ ᠤᠨ ᠡᠵᠡᠨ ᠡᠷ᠎ᠡ ᠡᠮ᠎ᠡ ᠬᠤᠶᠠᠭᠤᠯᠠ ︽ ᠮᠠᠨ ᠤ ᠬᠦᠦ ︵ᠬᠡᠦᠬᠡᠨ︶ ᠨᠢᠭᠡ ᠪᠡᠶ᠎ᠡ ᠬᠤᠶᠠᠷ ᠪᠣᠯᠵᠤ ᠠᠶᠢᠯ | ᠭᠡᠷ ᠪᠣᠯᠬᠤ ᠪᠠᠶᠠᠷ ᠡ᠂ ᠲᠠ ᠨᠠᠷ ᠮᠣᠷᠢᠯᠠᠨ ᠰᠠᠭᠠᠳᠠᠵᠦ ᠬᠤᠷᠢᠮ ᠳᠤ ᠭᠡᠷᠡᠯ ᠭᠢᠯᠪᠠᠭ᠎ᠠ ᠨᠡᠮᠡᠭᠳᠡᠭᠦᠯᠦᠭᠰᠡᠨ ᠳᠤ | ᠪᠠᠶᠠᠷᠯᠠᠨ ᠲᠠᠯᠠᠷᠬᠠᠵᠤ ᠪᠠᠶᠢᠨ᠎ᠠ︾ ᠭᠡᠵᠤ ᠶᠣᠰᠣᠷᠬᠠᠭ ᠰᠠᠶᠢᠬᠠᠨ ᠢᠶᠠᠷ ᠰᠡᠳᠬᠢᠯ ᠢᠶᠠᠨ ᠬᠦᠢᠴᠡᠳᠬᠡᠵᠤ ᠠᠷᠢᠬᠢ | ᠪᠠᠷᠢᠬᠤ ᠶᠢ ᠬᠡᠯᠡᠨ᠎ᠡ᠃ ᠡᠨᠡ ᠦᠶ᠎ᠡ ᠳᠤ ᠳᠠᠭᠤᠴᠢᠳ ᠠᠷᠢᠬᠢᠨ ᠳᠠᠭᠤᠤ ︽ ᠠᠯᠲᠠᠨ ᠬᠤᠨᠳᠠᠭ᠎ᠠ︾᠂ ︽ ᠪᠠᠷᠠᠭᠤᠨ | ᠪᠤᠯᠠᠭ ᠤᠨ ᠤᠰᠤ︾᠂ ︽ ᠬᠤᠨ ᠶᠤ᠋ ᠭᠠᠯᠠᠭᠤ︾᠂ ︽ ᠨᠠᠢᠮᠠᠨ ᠰᠠᠷ᠎ᠠ ᠶᠢᠨ ᠨᠠᠪᠴᠢ ᠴᠡᠴᠡᠭ︾᠂ ︽ ᠯᠣᠩᠬᠤᠨ | ᠳᠣᠲᠤᠷ᠎ᠠ ᠪᠠᠨ ᠪᠠᠶᠢᠬᠤ︾ ᠭᠡᠬᠦ ᠮᠡᠲᠦ ᠪᠠᠷ ᠭᠡᠷ ᠤᠨ ᠪᠠᠶᠠᠷ ᠪᠠᠷᠢᠭᠠᠳ ᠪᠠᠷᠠᠳᠠᠯ᠎ᠠ ᠣᠯᠠᠨ ᠠᠷᠢᠬᠢᠨ ᠳᠠᠭᠤᠤ ᠪᠠᠨ | ᠡᠭᠡᠯᠵᠢᠯᠡᠭᠦᠯᠦᠨ ᠳᠠᠭᠤᠯᠠᠵᠤ ᠬᠥᠭᠵᠢᠭᠡᠨ ᠲᠠᠢ ᠪᠣᠯᠭᠠᠳᠠᠭ᠃ ᠬᠤᠷᠢᠮ ᠤᠨ ᠣᠯᠠᠨ ᠭᠡᠶᠢᠴᠢᠳ ᠴᠤ ᠳᠠᠭᠤᠴᠢᠳ ᠲᠠᠢ | ᠬᠠᠮᠲᠤ ᠳᠠᠭᠤᠯᠠᠨ ᠠᠷᠢᠬᠢᠳᠠᠵᠤ ᠨᠠᠶᠢᠷ ᠤᠨ ᠣᠷᠭᠢᠯ ᠪᠣᠯᠤᠨ᠎ᠠ᠃ | 6.ᠵᠠᠪᠰᠠᠷ ᠮᠡᠳᠡᠭᠦᠯᠬᠦ | ᠵᠠᠪᠰᠠᠷ ᠮᠡᠳᠡᠬᠦᠯᠬᠦ ᠭᠡᠵᠤ ᠪᠣᠯ ᠠᠷᠢᠬᠢ ᠬᠠᠯᠠᠮᠰᠢᠵᠤ ᠰᠢᠭᠦᠰᠦ ᠪᠣᠯᠬᠤ ᠦᠶ᠎ᠡ ᠳᠤ ᠰᠢᠭᠦᠰᠦ ᠲᠠᠯᠪᠢᠭᠴᠢ | ᠢᠷᠡᠵᠤ ᠬᠤᠷᠢᠮ ᠤᠨ ᠲᠥᠪ ᠠᠴᠠ ᠡᠬᠢᠯᠡᠨ ᠪᠦᠬᠦ ᠵᠣᠴᠢᠳ ᠲᠤ ᠨᠢᠭᠡ ᠨᠢᠭᠡ ᠬᠤᠨᠳᠠᠭ᠎ᠠ ᠠᠷᠢᠬᠢ ᠪᠠᠷᠢᠭᠠᠳ ︽ | ᠵᠠᠪᠰᠠᠷ ᠮᠡᠳᠡᠭᠦᠯᠵᠤ ᠪᠠᠶᠢᠨ᠎ᠠ︾ ᠭᠡᠵᠤ ᠥᠨᠳᠥᠷ ᠳᠠᠭᠤᠨ ᠢᠶᠠᠷ ᠬᠡᠯᠡᠭᠡᠳ ᠮᠥᠷᠭᠦᠵᠦ ᠭᠠᠷᠴᠤ ᠶᠠᠪᠤᠨ᠎ᠠ᠃ ᠡᠨᠡ | ᠦᠶ᠎ᠡ ᠳᠤ ᠣᠯᠠᠨ ᠵᠣᠴᠢᠳ ᠰᠤᠯᠠ ᠶᠠᠷᠢᠯᠴᠠᠵᠤ ᠰᠠᠭᠤᠬᠤ ᠪᠤᠶᠤ ᠪᠡᠶ᠎ᠡ ᠵᠠᠰᠠᠬᠤ ᠪᠠᠷ ᠭᠠᠷᠴᠤ ᠪᠣᠯᠤᠨ᠎ᠠ᠃ | ᠢᠩᠬᠢᠭᠡᠳ ᠲᠠᠪᠤ ᠠᠴᠠ ᠠᠷᠪᠠᠨ ᠮᠢᠨᠤᠲ ᠪᠣᠯᠪᠠᠯ ᠵᠣᠴᠢᠳ ᠢ ᠭᠠᠷ ᠢ ᠨᠢ ᠣᠬᠢᠶᠠᠯᠭᠠᠵᠤ ᠤᠭ ᠰᠠᠭᠤᠳᠠᠯ ᠳᠤᠨᠢ | ᠰᠠᠭᠤᠯᠭᠠᠨ᠎ᠠ᠃ | |