ᠪᠦᠷᠢᠶ᠎ᠡ ᠮᠠᠩᠬ᠎ᠠ
ᠨᠡᠶᠢᠲᠡᠯᠡᠭᠰᠡᠨ ᠴᠠᠭ᠄
2018/5/7

       ᠬᠦᠪᠴᠢ ᠶᠢᠨ ᠡᠯᠡᠰᠦᠨ ᠤ ᠳᠤᠮᠳᠠᠳᠣ ᠭᠡᠰᠡᠭ ‍ᠤᠨ‌ᠤᠩᠭᠤᠨ ᠡᠯᠡᠰᠦ ᠶᠢᠨ ᠵᠡᠭᠦᠨ ᠵᠠᠬ᠎ᠠ ᠪᠠᠷ᠂ ᠬᠠᠨᠲᠠᠢ ᠭᠤᠤᠯ ᠤᠨ ᠪᠠᠷᠠᠭᠤᠨ ᠬᠦᠪᠡᠭᠡᠨ ᠳᠤ᠂ ᠱᠠᠭᠵᠢᠮᠤᠨᠢ

ᠪᠠᠯᠭᠠᠰᠤ ᠶᠢᠨ ᠸᠠᠶᠤᠤ ᠳᠤᠰᠬᠤᠨ ᠤ ᠰᠠᠪᠠ ᠳᠤ ᠨᠢᠭᠡᠨ ᠵᠢᠭᠲᠡᠢ ᠰᠤᠨᠢᠨ ᠡᠯᠡᠰᠦᠨ ᠳᠠᠪᠠᠭ᠎ᠠ  ᠪᠠᠶᠢᠳᠠᠭ᠃ ᠡᠨᠡ ᠬᠦ ᠡᠯᠡᠰᠦ ᠶᠢᠨ ᠭᠠᠵᠠᠷ ᠵᠦᠢ ᠶᠢᠨ ᠪᠠᠶᠢᠷᠢᠰᠢᠯ ᠨᠢ᠄ ᠵᠡᠭᠦᠨ

ᠤᠷᠳᠤᠷᠢᠭ ᠤᠨ109。50、᠂ ᠤᠮᠠᠷᠠᠳᠤ ᠤᠷᠳᠤᠷᠢᠭ ᠤᠨ40。14、 ᠲᠤ ᠪᠤᠢ᠃ ᠡᠮᠦᠨ᠎ᠡ ᠲᠠᠯ᠎ᠠ ᠪᠤᠯᠤᠨ ᠪᠠᠷᠠᠭᠤᠨ ᠲᠠᠯ᠎ᠠ ᠪᠠᠷ ᠢᠶᠠᠨ ᠤᠩᠭᠤᠨ ᠡᠯᠡᠰᠦ ᠲᠠᠢ

ᠵᠠᠯᠭᠠᠯᠳᠤᠵᠤ᠂ ᠵᠡᠭᠦᠨ ᠲᠠᠯ᠎ᠠ ᠪᠠᠷ ᠢᠶᠠᠨ ᠬᠠᠨᠲᠠᠢ ᠭᠤᠤᠯ ᠲᠠᠢ ᠨᠢᠭᠤᠷᠯᠠᠵᠦ᠂ ᠬᠤᠶᠢᠲᠤ ᠭᠡᠰᠡᠭ ᠪᠠᠷ ᠨᠢ ᠳᠠᠪᠬᠤᠷᠯᠠᠨ ᠳᠠᠪᠠᠯᠭᠠᠯᠠᠭᠰᠠᠨ ᠡᠯᠡᠰᠦ ᠮᠠᠩᠬ᠎ᠠ ᠲᠠᠢ᠃ ᠡᠯᠡᠰᠦᠨ

ᠳᠠᠪᠠᠭ᠎ᠠ ᠮᠠᠩᠬᠠᠨ ᠤᠷᠤᠢ ᠳᠤ ᠨᠢ ᠶᠠᠮᠠᠷ ᠴᠤ ᠤᠷᠭᠤᠮᠠᠯ ᠦᠭᠡᠢ᠃ ᠡᠯᠡᠰᠦᠨ ᠳᠠᠪᠠᠭ᠎ᠠ ᠦᠷᠭᠡᠨ ᠢᠶᠠᠷ ᠢᠶᠠᠨ ᠪᠠᠷᠤᠭ60 ᠮᠧᠲᠷ᠂ ᠦᠨᠳᠦᠷ ᠢᠶᠠᠷ ᠢᠶᠠᠨ40 ᠮᠧᠲᠷ ᠪᠦᠭᠡᠳ

ᠪᠠᠷᠠᠭᠤᠨ ᠬᠤᠶᠢᠨ᠎ᠠ ᠠᠴᠠ  ᠵᠡᠭᠦᠨ ᠡᠮᠦᠨᠡᠰᠢ ᠬᠠᠨᠳᠤᠵᠤ ᠵᠢᠯ ᠪᠦᠷᠢ ᠪᠠᠷᠠᠭᠤᠨ ᠬᠤᠶᠢᠳᠤ ᠵᠦᠭ ᠤᠨ ᠳᠤᠭᠰᠢᠨ ᠰᠠᠯᠬᠢᠨ ᠨᠢ ᠶᠡᠭᠡ ᠬᠡᠮᠵᠢᠶᠡᠨ ᠤ ᠡᠯᠡᠰᠦ ᠮᠠᠩᠬ᠎ᠠ ᠶᠢ ᠡᠨᠡ

ᠡᠯᠡᠰᠦᠨ ᠳᠤᠪᠤ ᠳᠡᠭᠡᠷ᠎ᠡ ᠨᠡᠭᠦᠯᠭᠡᠨ ᠠᠪᠴᠢᠷᠠᠳᠠᠭ ᠪᠤᠯᠪᠠᠴᠤ ᠬᠠᠨᠲᠠᠢ ᠭᠤᠤᠯ ᠤᠨ ᠦᠶᠡᠷ   ᠤᠨ ᠤᠰᠤ ᠳᠤᠭᠤᠤᠷ ᠨᠢ  ᠤᠷᠤᠰᠴᠤ ᠠᠤᠭ᠎ᠠ ᠰᠦᠷᠯᠢᠭ ᠦᠵᠡᠭᠳᠡᠳᠡᠭ ᠪᠤᠯᠬᠤᠷ

᠂ ᠡᠯᠡᠰᠦᠨ ᠳᠤᠪᠤ ᠲᠡᠮᠡᠢ ᠬᠤᠪᠢᠷᠠᠯᠲᠠ ᠭᠠᠷᠳᠠᠭ‌ᠦᠭᠡᠢ ᠶᠤᠮ  ᠃ ᠡᠨᠡ ᠨᠢ ᠳᠠᠷᠤᠢ  ᠬᠤᠯᠠ ᠤᠶᠢᠷ᠎ᠠ ᠳᠤ ᠠᠯᠳᠠᠷᠰᠢᠭᠰᠠᠨ ᠪᠦᠷᠢᠶ᠎ᠡ ᠡᠯᠡᠰᠦ ᠪᠢᠯᠡ᠃ᠵᠢᠯ ᠤᠨ ᠳᠦᠷᠪᠡᠨ

ᠤᠯᠠᠷᠢᠯ ᠤᠨ ᠡᠯᠡᠰᠦ ᠮᠠᠩᠬᠠᠨ ᠤ ᠭᠠᠳᠠᠷᠭᠤ ᠬᠠᠭᠤᠷᠠᠢ ᠪᠠᠶᠢᠭᠰᠨ ᠴᠠᠭ ᠲᠤ᠂ ᠬᠦᠮᠦᠰ ᠡᠨᠡ‌‍ᠬᠦ ᠮᠠᠩᠬᠠᠨ ᠤᠷᠤᠢ ᠳᠡᠭᠡᠷ᠎ᠠ ᠠᠴᠠ ᠨᠠᠯᠠᠦ ᠤᠷᠤᠭᠤ ᠭᠤᠯᠭᠤᠬᠤ ᠳᠠᠭᠠᠨ᠂ ᠭᠠᠷ

ᠬᠦᠯ ᠢᠶᠠᠷ ᠢᠶᠠᠨ ᠳᠦᠯᠬᠢᠨ ᠢᠰᠭᠦᠯᠬᠦ ᠨᠢ ᠤᠯᠠᠮ ᠬᠦᠴᠦᠲᠡᠢ ᠪᠠᠶᠢᠪᠠᠯ ᠡᠳᠦᠢ ᠲᠡᠳᠦᠢ ᠪᠦᠷᠢᠶ᠎ᠡ ᠶᠢ ᠵᠡᠷᠭᠡ ᠪᠠᠷ ᠦᠯᠢᠶᠡᠨ ᠬᠦᠩᠭᠢᠨᠡᠭᠦᠯᠦᠭᠰᠡᠨ ᠰᠢᠭ ᠳᠠᠭᠤᠨ ᠴᠢᠩᠭᠠᠷᠠᠨ᠎ᠠ᠃

ᠡᠭᠦᠨ ᠠᠴᠠ ᠪᠤᠯᠵᠦ ᠬᠦᠮᠦᠰ ᠠᠳᠡᠬᠢ ᠡᠯᠡᠰᠦ ᠶᠢ ᠪᠦᠷᠢᠶ᠎ᠡ ᠡᠯᠡᠰᠦ ᠬᠡᠮᠡᠨ ᠨᠡᠷᠡᠶᠢᠳᠴᠡᠢ᠃

       ᠪᠦᠷᠢᠶ᠎ᠡ ᠡᠯᠡᠰᠦ ᠨᠢ ᠴᠤᠬᠤᠮ ᠬᠡᠳᠦᠢ ᠵᠢᠯ ᠪᠤᠯᠤᠭᠰᠨ ᠢ ᠪᠤᠤ ᠮᠡᠳᠡ᠃  ᠡᠨᠡ ᠬᠦ ᠬᠠᠴᠢᠨ ᠦᠵᠡᠭᠳᠡᠯ ᠤᠨ ᠳᠤᠬᠠᠢ ᠨᠢᠭᠡ ᠳᠤᠮᠤᠭ ᠦᠯᠢᠭᠡᠷ ᠪᠠᠶᠢᠳᠠᠭ᠃ ᠡᠷᠳᠡ

ᠤᠷᠢᠳᠤ ᠤᠨ ᠴᠠᠭ ᠲᠤ ᠡᠨᠡ ᠭᠠᠵᠠᠷ ᠨᠢᠭᠡᠨ ᠮᠠᠰᠢ ᠶᠡᠭᠡ ᠰᠦᠮ᠎ᠡ ᠪᠠᠶᠢᠵᠦ ᠭᠡᠨ᠎ᠡ᠃ ᠭᠡᠨᠡᠳᠲᠡ ᠨᠢᠭᠡ ᠰᠦᠨᠢ ᠲᠡᠭᠷᠢ ᠭᠠᠵᠠᠷ ᠢ ᠶᠡᠭᠦᠯᠡᠮᠡᠷ ᠶᠡᠭᠡ ᠬᠤᠢ ᠰᠠᠯᠬᠢᠨ ᠪᠤᠰᠴᠤ

ᠡᠨᠡ ᠰᠦᠮ᠎ᠡ ᠬᠡᠶᠢᠳ ᠢ ᠬᠤᠪᠬᠤᠯᠠᠨ ᠡᠯᠡᠰᠦ ᠮᠠᠩᠬᠠᠨ ᠤ ᠲᠤᠤᠷ᠎ᠠ ᠪᠤᠯᠠᠭᠳᠠᠭᠤᠯᠪᠠ ᠭᠡᠨ᠎ᠡ᠃ ᠭᠡᠳᠡᠯ᠎ᠡ ᠰᠦᠮ᠎ᠡ ᠬᠡᠶᠢᠳ ᠤᠨ ᠯᠠᠮᠠ ᠬᠤᠸᠠᠷᠠᠭ  ᠨᠠᠷ ᠪᠠᠰᠠ ᠯᠠ ᠬᠡᠩᠭᠡᠷᠭᠡ

ᠴᠠᠩ ᠢᠶᠠᠨ ᠳᠡᠯᠡᠳᠴᠦ᠂  ᠪᠦᠷᠢᠶ᠎ᠡ ᠪᠢᠰᠬᠡᠭᠦᠷ ᠢᠶᠠᠨ ᠦᠯᠢᠶᠡᠨ ᠬᠤᠩᠬ᠎ᠠ ᠲᠡᠮᠦᠷ᠎ᠡ ᠪᠠᠨ ᠳᠤᠤᠭᠠᠷᠭᠠᠵᠦ ᠨᠤᠮ ᠢᠶᠠᠨ ᠤᠩᠰᠢᠵᠦ ᠯᠠ ᠪᠠᠶᠢᠳᠠᠭ ᠭᠡᠨ᠎ᠡ᠃ ᠡᠨᠡ ᠨᠢ ᠶᠠᠮᠠᠷᠴᠦ

ᠰᠢᠨᠵᠢᠯᠡᠬᠦ ᠤᠬᠠᠭᠠᠨ ᠤ ᠦᠨᠳᠦᠰᠦ ᠪᠠᠷᠢᠮᠲᠠ ᠦᠭᠡᠢ ᠳᠤᠮᠤᠭ ᠦᠯᠢᠭᠡᠷ ᠳᠡᠳᠦᠢ ᠪᠢᠯᠡ᠃ ᠭᠡᠬᠦ ᠳᠤ ᠡᠳᠦᠢ ᠲᠡᠳᠦᠢ ᠡᠷᠳᠡᠮᠳᠡᠳ᠂ ᠰᠢᠨᠵᠢᠯᠡᠬᠦ ᠤᠬᠠᠭᠠᠨᠳᠠᠨ ᠪᠡᠶ᠎ᠡ ᠪᠠᠷ ᠢᠶᠠᠨ

ᠠᠳᠡ‌ᠢᠷᠡᠭᠡᠳ ᠬᠠᠶᠢᠨ ᠰᠢᠨᠵᠢᠵᠦ᠂ ᠪᠦᠷᠢᠶ᠎ᠡ ᠡᠯᠡᠰᠦᠨ ᠤ ᠳᠠᠭᠤ ᠭᠠᠷᠴᠦ ᠴᠢᠳᠠᠳᠠᠭ ᠤᠨ ᠦᠨᠳᠦᠰᠦᠨ ᠰᠢᠯᠳᠠᠭᠠᠨ ᠢ ᠡᠷᠢᠵᠦ ᠰᠤᠳᠤᠯᠤᠭᠰᠨ ᠪᠤᠯᠪᠠᠴᠤ ᠤᠳᠤ ᠪᠤᠯᠳᠠᠯ᠎ᠠ

ᠤᠨᠤᠪᠴᠢᠲᠠᠢ ᠦᠷ᠎ᠡ ᠳ᠋ᠦᠩ ᠭᠠᠷᠭᠠᠵᠦ ᠴᠢᠳᠠᠭ᠎ᠠ ᠦᠭᠡᠢ ᠪᠢᠯᠡ᠃ ᠵᠠᠷᠢᠮ ᠨᠢ ᠬᠡᠯᠡᠬᠦ ᠳᠤ ᠪᠠᠨ᠂ ᠠᠳᠡᠬᠢ ᠡᠯᠡᠰᠦᠨ ᠳᠤ ᠲᠠᠶᠢᠪᠤᠩ ᠴᠠᠬᠢᠯᠭᠠᠨ ᠴᠡᠨᠡᠭᠲᠠᠢ᠂ ᠨᠠᠷᠠᠨ ᠢᠯᠴᠢᠨ

 ᠳᠤ ᠬᠠᠯᠠᠰᠴᠦ ᠬᠠᠭᠤᠷᠠᠢ ᠪᠠᠶᠢᠬᠤ ᠳᠤ ᠨᠢ ᠭᠠᠳᠠᠭᠠᠳᠤ ᠬᠦᠴᠦ ᠶᠢᠨ ᠦᠢᠯᠡᠳᠦᠯᠭᠡ ᠪᠠᠷ ᠴᠠᠬᠢᠯᠭᠠᠨ ᠡᠭᠦᠰᠴᠦ ᠳᠠᠭᠤᠨ ᠭᠠᠷᠴᠤ ᠪᠠᠶᠢᠨ᠎ᠠ ᠭᠡᠳᠡᠭ᠃ ᠵᠠᠷᠢᠮ ᠨᠢ ᠬᠡᠯᠡᠬᠦ ᠳᠤ

 ᠪᠠᠨ᠂ ᠪᠦᠷᠢᠶ᠎ᠡ ᠡᠯᠡᠰᠦ ᠶᠢᠨ ᠪᠠᠶᠢᠷᠢ ᠪᠠᠶᠢᠴᠠ ᠨᠢ ᠶᠠᠭ ᠰᠠᠶᠢᠬᠠᠨ ᠴᠤᠤᠷᠢᠶ᠎ᠠ ᠡᠭᠦᠰᠬᠦ ᠪᠠᠶᠢᠭᠠᠯᠢ ᠶᠢᠨ ᠨᠦᠭᠦᠴᠡᠯ ᠲᠠᠢ ᠠᠴᠠ ᠪᠤᠯᠵᠡᠢ᠃ ᠳᠡᠷᠤᠢ ᠪᠡᠭᠡᠵᠢᠩ ᠤᠨ ᠲᠢᠶᠠᠨ

ᠲᠠᠨ ᠤ ᠴᠤᠤᠷᠢᠶᠠᠳᠤ ᠬᠠᠨ᠎ᠠ ᠮᠡᠳᠦ ᠭᠡᠳᠡᠭ᠃ ᠪᠠᠰᠠ ᠵᠠᠷᠢᠮ   ᠨᠢ ᠬᠡᠯᠡᠬᠦ ᠳᠤ ᠪᠠᠨ᠂ ᠪᠦᠷᠢᠶ᠎ᠡ ᠡᠯᠡᠰᠦᠨ ᠤ ᠳᠤᠭᠤᠤᠷ ᠬᠦᠨᠲᠡᠢ ᠪᠦᠳᠦᠴᠡ ᠲᠠᠢ᠂ ᠭᠠᠳᠠᠷ ᠬᠦᠷᠦᠰᠦᠨ ᠤ

ᠡᠯᠡᠰᠦ ᠮᠠᠩᠬ᠎ᠠ ᠶᠢ ᠭᠤᠯᠭᠤᠵᠦ ᠮᠦᠷᠭᠦᠯᠴᠡᠭᠦᠯᠬᠦ ᠳᠤ ᠳᠤᠳᠤᠷ ᠬᠦᠨᠲᠡᠢ ᠲᠠᠢ ᠠᠴᠠ ᠪᠤᠯᠵᠦ ᠶᠡᠭᠡ ᠳᠠᠭᠤ ᠭᠠᠷᠴᠦ ᠪᠠᠶᠢᠨ᠎ᠠ ᠭᠡᠨ᠎ᠡ᠃ ᠪᠠᠰᠡ ᠨᠢᠭᠡ ᠵᠦᠢᠯ ᠤᠨ ᠬᠡᠯᠡᠯᠭᠡ ᠨᠢ

ᠳᠠᠷᠦᠢ ᠪᠦᠷᠢᠶ᠎ᠡ ᠡᠯᠡᠰᠦ ᠪᠤᠯ ᠳᠤᠭᠳᠠᠮᠠᠯ ᠴᠢᠭᠢᠭᠲᠦ ᠪᠠᠶᠢᠷᠢ ᠪᠠᠶᠢᠴᠠ ᠶᠢᠨ ᠨᠦᠭᠦᠴᠡᠯ ᠲᠤᠤᠷ᠎ᠠ ᠪᠤᠢ ᠪᠤᠯᠤᠭᠰᠠᠨ ᠨᠢᠭᠡ ᠬᠡᠢ ᠠᠭᠤᠷ ᠤᠨ ᠬᠡᠷᠡᠮ ᠨᠢ ᠡᠯᠡᠰᠦᠨ ᠳᠠᠪᠠᠭ᠎ᠠ ᠲᠠᠢ

ᠨᠡᠶᠢᠯᠡᠵᠦ ᠳᠠᠷᠪᠢᠨ ᠳᠤᠤᠭᠠᠷᠬᠤ ᠬᠠᠶᠢᠷᠴᠠᠭ ᠪᠤᠯᠵᠠᠢ  ᠂ ᠡᠯᠡᠰᠦᠨ ᠮᠦᠬᠦᠯᠢᠭ ᠬᠠᠷᠢᠯᠴᠠᠨ ᠮᠦᠷᠭᠦᠯᠴᠡᠵᠦ ᠡᠭᠦᠰᠦᠭᠰᠡᠨ ᠳᠠᠭᠤᠨ ᠳᠠᠪᠳᠠᠮᠵᠢ ᠨᠢ ᠳᠠᠷᠪᠢᠨ  ᠳᠤᠤᠭᠠᠷᠬᠤ

ᠬᠠᠶᠢᠷᠴᠠᠭ ᠤᠨ ᠤᠤᠯ ᠳᠠᠪᠳᠠᠮᠵᠢ ᠲᠠᠢ ᠠᠳᠠᠯᠢ ᠪᠤᠯᠤᠭᠰᠠᠨ ᠠᠴᠠ ᠡᠶᠢᠮᠦ ᠬᠦᠩᠭᠢᠨᠡᠮ᠎ᠡ ᠳᠠᠭᠤᠨ ᠭᠠᠷᠳᠠᠭ᠂ ᠳᠠᠷᠤᠢ ᠭᠠᠵᠠᠷ ᠤᠨ ᠪᠦᠳᠦᠴᠡ ᠠᠴᠠ ᠪᠤᠢ ᠪᠤᠯᠤᠭᠰᠨ ᠹᠢᠴᠢᠺ

 ᠤᠨ ᠦᠵᠡᠭᠳᠡᠯ ᠮᠦᠨ ᠭᠡᠳᠡᠭ᠃ ᠴᠤᠬᠤᠮ ᠠᠯᠢᠨ ᠨᠢ ᠵᠦᠪ ᠪᠤᠯᠤᠨ᠎ᠠ ᠭᠡᠰᠡᠨ ᠢ ᠰᠢᠵᠢᠯᠡᠬᠦ ᠤᠬᠠᠭᠠᠨ ᠤ ᠰᠤᠳᠤᠯᠭᠠᠨ ᠤ ᠨᠢᠭᠡᠴᠡ ᠨᠦᠭᠦᠳ ᠳᠠᠭᠤ᠂ ᠭᠡᠷᠡᠯ᠂ ᠴᠠᠬᠢᠯᠭᠠᠨ ᠤ

ᠳᠤᠷᠰᠢᠯᠲᠠ ᠶᠢᠨ ᠤᠳᠤᠬᠢᠴᠢᠯᠠᠭᠰᠠᠨ ᠳᠤᠨᠤᠭ ᠲᠦᠬᠦᠭᠡᠷᠦᠮᠵᠢ ᠪᠠᠷ ᠨᠡᠩ ᠭᠦᠨ ᠭᠦᠨᠵᠡᠭᠡᠢ ᠰᠤᠳᠤᠯᠤᠯᠲᠠ ᠬᠢᠵᠦ᠂ ᠰᠢᠨᠵᠢᠯᠡᠬᠦ ᠤᠬᠠᠭᠠᠨ ᠤ ᠠᠷᠭ᠎ᠠ ᠪᠠᠷ ᠨᠡᠩ ᠴᠢᠨᠠᠭᠰᠢᠲᠠ

ᠰᠢᠯᠭᠠᠨ ᠨᠤᠲᠠᠯᠠᠵᠤ᠂ ᠪᠦᠷᠢᠶ᠎ᠡ ᠡᠯᠡᠰᠦᠨ ᠤ ᠨᠢᠭᠤᠴᠠ ᠶᠢ ᠢᠯᠡᠴᠢᠯᠡᠨ ᠬᠠᠷᠢᠭᠤᠯᠲᠠ ᠬᠢᠬᠦ ᠪᠤᠯᠤᠯᠲᠠᠢ᠃

      ᠪᠦᠷᠢᠶ᠎ᠡ ᠡᠯᠡᠰᠦ ᠪᠤᠯ ᠳᠤᠰᠬᠠᠢ ᠲᠤᠭᠲᠠᠮᠠᠯ ᠨᠦᠭᠦᠴᠡᠯ ᠪᠤᠯᠤᠨ ᠤᠷᠴᠢᠨ ᠲᠤᠭᠤᠷᠢᠨ ᠤ ᠠᠬᠤᠢ ᠪᠠᠶᠢᠳᠠᠯ ᠠᠴᠠ ᠪᠤᠯᠤᠭᠰᠠᠨ ᠨᠢᠭᠡ ᠵᠦᠢᠯ ᠤᠨ ᠠᠶᠠᠨᠳᠠᠭᠠᠨ

ᠪᠦᠷᠢᠯᠳᠦᠭᠰᠡᠨ ᠹᠢᠴᠢᠺ ᠤᠨ ᠦᠵᠡᠭᠳᠡᠯ ᠮᠦᠨ᠂ ᠶᠠᠮᠠᠷ ᠨᠢᠭᠡᠨ ᠭᠠᠳᠠᠭᠠᠳᠦ ᠮᠦᠷᠭᠦᠯᠴᠡᠯ ᠢᠶᠠᠷ ᠬᠠᠭᠤᠷᠠᠢ ᠡᠯᠡᠰᠦ ᠶᠢ ᠬᠦᠳᠡᠯᠭᠡᠬᠦ ᠳᠤ ᠳᠠᠷᠦᠢ ᠳᠠᠷᠪᠢᠨ ᠳᠤᠤᠭᠠᠷᠴᠦ᠂ ᠡᠯ᠎ᠡ

ᠨᠦᠭᠦᠴᠡᠯ ᠤᠨ ᠨᠢᠭᠡ ᠨᠢ ᠳᠤᠳᠠᠭᠳᠠᠪᠠᠯ  ᠳᠠᠷᠪᠢᠨ ᠳᠤᠤᠭᠠᠷᠬᠤ ᠪᠠᠨ ᠪᠤᠯᠢᠳᠠᠭ ᠭᠡᠬᠦ ᠲᠠᠯ᠎ᠠ ᠪᠠᠷ ᠤᠯᠠᠨ ᠤ ᠦᠵᠡᠯᠲᠡ ᠨᠢᠭᠡᠳᠦᠯᠳᠡᠢ ᠪᠤᠯᠵᠦ ᠪᠠᠶᠢᠨ᠎ᠠ᠃

        ᠶᠠᠭᠤ ᠴᠤ ᠭᠡᠰᠡᠨ᠂ ᠡᠨᠡ ᠬᠦ ᠪᠠᠶᠢᠭᠠᠯᠢ ᠶᠢᠷᠳᠢᠨᠴᠦ ᠶᠢᠨ ᠭᠠᠶᠢᠬᠠᠮᠰᠢᠭᠲᠤ ᠦᠵᠡᠭᠳᠡᠯ ᠢ ᠬᠦᠮᠦᠰ ᠪᠡᠶ᠎ᠡ ᠪᠠᠷ ᠢᠶᠠᠨ ᠢᠷᠡᠵᠦ ᠨᠢᠭᠡ ᠰᠤᠨᠢᠷᠬᠠᠨ ᠦᠵᠡᠵᠦ᠂ ᠬᠠᠮᠲᠤ

 ᠪᠠᠷ ᠢᠶᠠᠨ ᠲᠡᠭᠦᠨ ᠤ ᠨᠢᠭᠤᠴᠠ ᠶᠢ ᠰᠦᠪᠡᠭᠴᠢᠯᠡᠨ ᠰᠤᠳᠤᠯᠬᠤ ᠨᠢ ᠮᠠᠰᠢ ᠴᠢᠬᠤᠯᠠᠲᠠᠢ ᠶᠤᠮ᠃

                             

ᠢᠷᠡᠯᠲᠡ᠄ ︽ᠳᠠᠯᠠᠳ ᠤᠨ ᠰᠤᠶᠤᠯ ᠲᠡᠦᠬᠡ︾ ᠭᠡᠬᠦ ᠨᠤᠮ ᠠᠴᠠ ᠪᠠᠭᠤᠯᠭᠠᠪᠠ᠃