ᠳᠠᠯᠠᠳ ᠬᠤᠰᠢᠭᠤᠨ ᠤ ᠬᠦᠪᠴᠢ ᠶᠢᠨ ᠡᠯᠡᠰᠦ
ᠨᠡᠶᠢᠲᠡᠯᠡᠭᠰᠡᠨ ᠴᠠᠭ᠄
2018/5/7

        ᠳᠠᠯᠠᠳ ᠬᠤᠰᠢᠭᠤᠨ ᠤ ᠬᠦᠪᠴᠢ ᠶᠢᠨ ᠡᠯᠡᠰᠦ ᠪᠤᠯ ᠪᠠᠷᠠᠭᠤᠨᠰᠢ ᠬᠠᠩᠭᠢᠨ ᠬᠤᠰᠢᠭᠤᠨ ᠤ ᠠᠭᠤᠯᠵᠠᠭᠤᠷ ᠤᠨ  ᠮᠠᠭᠤ ᠪᠤᠯᠠᠭ ᠤᠨ ᠬᠦᠨᠲᠡᠢ ᠶᠢᠨ ᠵᠡᠭᠦᠨ ᠪᠡᠶ᠎ᠡ

ᠬᠦᠷᠴᠦ᠂ ᠵᠡᠭᠦᠨ ᠲᠠᠯ᠎ᠠ ᠨᠢ ᠵᠡᠭᠦᠨᠭᠠᠷ ᠬᠤᠰᠢᠭᠤᠨ ᠤ ᠬᠤᠯᠤᠰᠤᠲᠠᠢ ᠭᠤᠤᠯ ᠤᠨ ᠪᠠᠷᠠᠭᠤᠨ ᠡᠷᠭᠢ ᠳᠤ ᠲᠤᠯᠵᠤ ᠪᠠᠶᠢᠨ᠎ᠠ᠃ ᠭᠠᠵᠠᠷ ᠵᠦᠢ ᠶᠢᠨ ᠪᠠᠶᠢᠷᠢᠰᠢᠯ ᠨᠢ ᠵᠡᠭᠦᠨ

ᠤᠷᠳᠤᠷᠢᠭ ᠤᠨ109。0、110。40、᠂ ᠤᠮᠠᠷᠠᠳᠤ ᠤᠷᠳᠤᠷᠢᠭ ᠤᠨ40。6、40。28、 ᠤᠨ  ᠬᠤᠭᠤᠷᠤᠨᠲᠤ ᠪᠤᠢ᠃ ᠤᠷᠳᠤ ᠪᠠᠷ ᠢᠶᠠᠨ132

ᠺᠢᠯᠤᠮᠧᠲᠷ᠂ ᠦᠷᠭᠡᠨ ᠪᠠᠷ ᠢᠶᠠᠨ16 —20ᠺᠢᠯᠤᠮᠧᠲᠷ  ︵ᠨᠡᠶᠢᠲᠡ356 ᠲᠦᠮᠡᠨ ᠮᠤ᠋︶᠂ ᠭᠤᠤᠯ ᠪᠤᠯᠬᠤ ᠡᠯᠡᠰᠦᠨ ᠪᠦᠰᠡ ᠶᠢᠨ ᠲᠠᠯᠠᠪᠠᠢ ᠨᠢ ᠪᠠᠷᠤᠭ1376

ᠲᠦᠷᠪᠡᠯᠵᠢᠨ ᠺᠢᠯᠤᠮᠧᠲᠷ  ︵ᠨᠡᠶᠢᠲᠡ356 ᠲᠦᠮᠡᠨ ᠮᠤ᠋︶  ᠪᠠᠶᠢᠵᠤ᠂ ᠪᠦᠬᠦ ᠬᠤᠰᠢᠭᠤᠨ ᠤ ᠶᠡᠷᠦᠩᠭᠡᠢ ᠲᠠᠯᠠᠪᠠᠢ ᠶᠢᠨ29% ᠢ  ᠡᠵᠡᠯᠡᠨ᠎ᠡ᠃ ᠭᠠᠵᠠᠷ ᠤᠨ ᠪᠠᠶᠢᠴᠠ ᠨᠢ

ᠡᠮᠦᠨᠡᠭᠦᠷ ᠢᠶᠠᠨ ᠦᠨᠳᠦᠷ᠂ ᠬᠤᠶᠢᠭᠤᠷ   ᠢᠶᠠᠨ ᠪᠤᠭᠤᠨᠢ᠂ ᠪᠠᠷᠠᠭᠤᠨᠲᠠᠶᠢᠭᠤᠷ ᠢᠶᠠᠨ ᠦᠨᠳᠦᠷ᠂ ᠵᠡᠭᠦᠨᠲᠡᠶᠢᠭᠦᠷ ᠢᠶᠠᠨ ᠪᠤᠭᠤᠨᠢ᠂ ᠳᠠᠯᠠᠢ ᠶᠢᠨ ᠳᠦᠪᠰᠢᠨ ᠠᠴᠠ1020

—1300 ᠮᠧᠲᠷ ᠦᠨᠳᠦᠷ ᠪᠠᠶᠢᠨ᠎ᠠ᠃

        ᠪᠦᠬᠦ ᠬᠤᠰᠢᠭᠤᠨ ᠤ ᠳᠤᠮᠳᠠᠭᠤᠷ ᠦᠩᠭᠡᠷᠡᠵᠦ ᠪᠠᠶᠢᠭ᠎ᠠ《 ᠨᠠᠢᠮᠠᠨ ᠶᠡᠭᠡ ᠬᠦᠨᠲᠡᠢ》 ᠡᠮᠦᠨ᠎ᠡ‌ᠡᠴᠠ ᠤᠮᠠᠷᠠᠰᠢ ᠪᠠᠨ ᠡᠯᠡᠰᠦᠨ ᠪᠦᠰᠡ ᠪᠠᠷ ᠳᠠᠭᠠᠷᠢᠨ ᠭᠠᠷᠣᠭᠠᠳ

ᠲᠠᠯ᠎ᠠ ᠭᠠᠵᠠᠷ ᠲᠤ ᠤᠷᠤᠨ᠎ᠠ᠃ ᠢᠩᠬᠢᠬᠦ ᠳᠡᠭᠡᠨ ᠬᠤᠰᠢᠭᠤᠨ ᠤ ᠬᠢᠵᠠᠭᠠᠷ ᠳᠣᠳᠣᠷᠠᠬᠢ ᠬᠦᠪᠴᠢ   ᠶᠢᠨ ᠡᠯᠡᠰᠦ ᠬᠦᠨᠳᠡᠯᠡᠨ ᠢᠶᠠᠷ ᠡᠳᠦᠢ ᠳᠡᠳᠦᠢ ᠭᠡᠰᠡᠭᠯᠡᠭᠲᠡᠵᠦ᠂ ᠭᠡᠰᠡᠭ

ᠪᠦᠷᠢ ᠨᠢ ᠭᠠᠵᠠᠷ ᠤᠨ ᠭᠠᠳᠠᠷᠭᠤ ᠪᠠᠷ ᠨᠢ ᠪᠤᠶᠤ ᠬᠦᠮᠦᠨ ᠤ ᠨᠡᠷ᠎ᠡ ᠪᠠᠷ ᠨᠡᠷᠡᠯᠡᠭᠳᠡᠵᠡᠢ᠃ ᠪᠠᠷᠠᠭᠤᠨ ᠠᠴᠠ ᠵᠡᠭᠦᠨᠰᠢ ᠪᠠᠨ ᠳᠠᠷᠠᠭᠠᠯᠠᠨ ᠲᠤᠭᠠᠴᠢᠪᠠᠯ  ᠄ ᠬᠠᠨ ᠶᠢᠨ ᠮᠠ

ᠡᠯᠡᠰᠦ᠂  ᠱᠧᠩ ᠴᠧᠩ ᠡᠯᠡᠰᠦ᠂ ᠡᠪᠡᠯᠢ ᠡᠯᠡᠰᠦ᠂ ᠬᠤᠸᠠ ᠮᠤᠬᠤᠷ ᠡᠯᠡᠰᠦ᠂ ᠤᠩᠭᠤᠨ ᠡᠯᠡᠰᠦ᠂ ᠨᠤᠤᠬᠠᠯᠠᠢ ᠡᠯᠡᠰᠦ᠂ ᠤᠯᠠᠭᠠᠨᠪᠠᠷᠰᠦ ᠡᠯᠡᠰᠦ᠂ ᠮᠤᠤᠰᠠᠶᠢᠨ ᠪᠠᠯᠠᠷ

ᠡᠯᠡᠰᠦ᠂ ᠱᠤ᠋ ᠶᠢᠨ ᠡᠯᠡᠰᠦ᠂  ᠪᠤᠱᠤᠭᠲᠤ ᠡᠯᠡᠰᠦ ᠵᠡᠷᠭᠡ ᠪᠤᠯᠤᠨ᠎ᠠ᠃ ᠡᠭᠦᠨ ᠳᠤ ᠤᠩᠭᠤᠨ ᠡᠯᠡᠰᠦᠨ ᠤ ᠵᠡᠭᠦᠨ ᠪᠡᠶ᠎ᠡ ᠶᠢᠨ ᠬᠠᠨᠲᠠᠢ ᠶᠢᠨ ᠬᠦᠨᠲᠡᠢ ᠶᠢᠨ  ᠪᠠᠷᠠᠭᠤᠨ ᠡᠷᠭᠢ

ᠳᠡᠭᠡᠷ᠎ᠡ ᠪᠠᠶᠢᠭ᠎ᠠ ᠨᠡᠯᠢᠶᠡᠳ ᠨᠡᠷ᠎ᠡ ᠠᠯᠳᠠᠷᠰᠢᠭᠰᠠᠨ ᠪᠠᠶᠢᠭᠠᠯᠢ ᠶᠢᠨ ᠭᠠᠶᠢᠬᠠᠮᠰᠢᠭ —《 ᠪᠦᠷᠢᠶ᠎ᠡ ᠡᠯᠡᠰᠦ》ᠭᠡᠵᠦ ᠪᠤᠢ᠃

       ᠪᠦᠬᠦ ᠬᠦᠪᠴᠢ ᠡᠯᠡᠰᠦ ᠨᠢ ᠭᠤᠷᠪᠠᠨ ᠬᠤᠰᠢᠭᠤ ᠶᠢ ᠰᠤᠨᠳᠠᠯᠠᠵᠤ᠂ ᠪᠠᠷᠠᠭᠤᠨᠰᠢ ᠪᠠᠨ ᠬᠠᠩᠭᠢᠨ ᠬᠤᠰᠢᠭᠤ᠂ ᠵᠡᠭᠦᠨᠰᠢ ᠪᠠᠨ ᠵᠡᠭᠦᠨᠭᠠᠷ ᠬᠤᠰᠢᠭᠤ ᠬᠦᠷᠦᠨ᠎ᠡ᠃

ᠳᠠᠯᠠᠳ ᠬᠤᠰᠢᠭᠤᠨ ᠤ ᠬᠡᠪᠴᠢᠶᠡᠨ ᠳᠤᠳᠤᠷᠠᠬᠢ ᠡᠯᠡᠰᠦ ᠪᠤᠯ ᠬᠦᠪᠴᠢ ᠡᠯᠡᠰᠦᠨ ᠤ ᠲᠤᠮᠲᠠ ᠭᠡᠰᠡᠭ ᠨᠢ ᠪᠤᠯᠬᠤ ᠪᠦᠭᠡᠳ ᠪᠠᠰᠠ ᠳᠤᠮᠲᠠ ᠭᠡᠰᠡᠭ ᠪᠤᠯᠤᠨ᠎ᠠ᠃《

ᠬᠦᠪᠴᠢ》ᠭᠡᠳᠡᠭ ᠪᠤᠯ ᠬᠠᠳᠤᠨ ᠭᠤᠤᠯ ᠪᠤᠯᠤᠨ ᠡᠯᠡᠰᠦᠨ ᠪᠦᠰᠡ ᠶᠢᠨ ᠬᠤᠭᠤᠷᠤᠨᠳᠤᠬᠢ ᠭᠠᠵᠠᠷ ᠵᠦᠢ ᠶᠢᠨ ᠬᠤᠯᠪᠤᠭᠳᠠᠯ ᠢ ᠵᠢᠭᠠᠭᠰᠠᠨ ᠦᠭᠡ ᠶᠤᠮ᠃ ᠳᠤᠬᠠᠶᠢᠯᠠᠪᠠᠯ

ᠬᠠᠳᠤᠨ ᠭᠤᠤᠯ ᠪᠤᠯᠤᠨ ᠡᠯᠡᠰᠦᠨ ᠪᠦᠰᠡᠨ ᠤ ᠪᠠᠶᠢᠷᠢᠰᠢᠯ ᠨᠢ ᠶᠠᠭ ᠨᠤᠮᠤ ᠶᠢᠨ ᠬᠦᠪᠴᠢ ᠰᠢᠭ ᠶᠤᠮ᠃

       ᠬᠦᠪᠴᠢ ᠡᠯᠡᠰᠦ ᠨᠢ ᠤᠳᠤ ᠠᠴᠠ2000 ᠤᠨ ᠤ ᠡᠮᠦᠨ᠎ᠡ ᠡᠭᠦᠰᠴᠡᠢ᠃ ᠬᠤᠯᠪᠤᠭᠲᠠᠯ ᠪᠦᠬᠦᠢ ᠮᠠᠲ᠋ᠧᠷᠢᠶᠠᠯ ᠢ ᠦᠨᠳᠦᠰᠦᠯᠡᠪᠡᠯ᠄  ᠡᠮᠦᠨᠡᠲᠦ ᠤᠮᠠᠷᠠᠳᠦ ᠲᠦᠷᠦ

 ᠶᠢᠨ ᠤᠮᠠᠷᠠᠳᠤ ᠸᠧᠢ ᠤᠯᠤᠰ ᠤᠨ ᠦᠶ᠎ᠡ ︵ᠨᠡᠶᠢᠲᠡ ᠶᠢᠨ ᠤᠨ ᠲᠤᠭᠠᠯᠠᠯ ᠤᠨ386 —534 ᠤᠨ︶ ᠳᠤ《 ᠯᠢᠩ ᠡᠤ ᠠᠴᠠ ᠸᠧ ᠶᠧ ᠦᠩᠭᠡᠷᠡᠭᠰᠡᠨ ᠡᠯᠡᠰᠦ》ᠬᠡᠮᠡᠨ

ᠳᠡᠮᠳᠡᠭᠯᠡᠵᠦ ᠪᠤᠢ᠃ ᠲᠠᠩ ᠤᠯᠤᠰ ᠤᠨ ᠦᠶ᠎ᠡ ︵ᠨᠡᠶᠢᠲᠡ ᠶᠢᠨ ᠤᠨ ᠲᠤᠭᠠᠯᠠᠯ   ᠤᠨ618 —907 ᠤᠨ︶ ᠳᠤ《 ᠰᠢᠶᠠᠵᠸᠤ ᠠᠴᠠ ᠪᠤᠷᠤᠳᠤᠬᠤᠢ ᠶᠢ ᠦᠩᠭᠡᠷᠡᠭᠰᠡᠨ

ᠺᠦ᠋ ᠴᠠᠢ ᠡᠯᠡᠰᠦ》 ᠭᠡᠵᠦ ᠳᠡᠮᠳᠡᠭᠯᠡᠵᠦ ᠪᠤᠢ᠃  ᠪᠠᠷᠢᠮᠳᠠᠳᠣ ᠮᠠᠲ᠋ᠧᠷᠢᠶᠠᠯ ᠢ ᠦᠨᠳᠦᠰᠦᠯᠡᠪᠡᠯ 《 ᠺᠦ᠋ ᠴᠠᠢ ᠡᠯᠡᠰᠦ》 ᠭᠡᠳᠡᠭ ᠨᠢ ᠤᠳᠤ ᠶᠢᠨ《 ᠬᠦᠪᠴᠢ ᠶᠢᠨ

ᠡᠯᠡᠰᠦ》 ᠶᠢ  ᠬᠡᠯᠡᠨ᠎ᠡ᠃ ᠡᠭᠦᠨ ᠠᠴᠠ ᠦᠵᠡᠬᠦ ᠳᠤ ᠬᠦᠪᠴᠢ ᠶᠢᠨ ᠡᠯᠡᠰᠦᠨ ᠤ ᠪᠤᠢ  ᠪᠤᠯᠤᠭᠰᠠᠨ ᠲᠡᠦᠬᠡ ᠨᠢ ᠮᠠᠰᠢ ᠤᠷᠳᠣ ᠪᠠᠶᠢᠨ᠎ᠠ᠃

      ᠲᠡᠭᠦᠨ ᠤ ᠪᠤᠢ ᠪᠤᠯᠤᠭᠰᠠᠨ ᠰᠢᠯᠲᠠᠭᠠᠨ ᠭᠡᠪᠡᠯ ᠨᠢᠭᠡ ᠨᠢ ᠭᠠᠵᠠᠷ ᠰᠢᠨᠵᠢᠯᠡᠭᠡᠨ ᠤ ᠰᠠᠭᠤᠷᠢ ᠪᠤᠯ ᠳᠤᠳᠤᠭᠠᠳᠤ ᠰᠢᠯᠳᠠᠭᠠᠨ ᠪᠤᠯᠤᠨ᠎ᠠ᠃  ᠨᠦᠭᠦᠭᠡ ᠨᠢᠭᠡ ᠨᠢ

ᠬᠦᠮᠦᠨ ᠪᠤᠯᠤᠨ ᠪᠠᠶᠢᠭᠠᠯᠢ ᠶᠢᠨ ᠬᠦᠴᠦᠨ ᠵᠦᠢᠯ ᠨᠢ ᠭᠠᠳᠠᠭᠠᠳᠤ ᠰᠢᠯᠲᠠᠭᠠᠨ ᠪᠤᠯᠤᠨ᠎ᠠ  ᠂  ᠡᠨᠡ ᠬᠤᠶᠠᠷ ᠬᠠᠮᠲᠤ ᠪᠠᠷ ᠦᠢᠯᠡᠳᠦᠯ ᠦᠵᠡᠭᠦᠯᠵᠦ᠂ ᠬᠠᠷᠢᠯᠴᠠᠨ

ᠨᠦᠯᠦᠭᠡᠯᠡᠭᠰᠡᠨ ᠠᠴᠠ  ᠪᠤᠯᠤᠭᠰᠠᠨ ᠶᠤᠮ᠃ ᠭᠠᠵᠠᠷ ᠰᠢᠨᠵᠢᠯᠡᠭᠡᠨ ᠤ ᠪᠠᠶᠢᠴᠠᠭᠠᠯᠲᠠ ᠶᠢ ᠦᠨᠳᠦᠰᠦᠯᠡᠪᠠᠯ᠂ ᠡᠯᠡᠰᠦᠨ ᠪᠦᠰᠡᠨ ᠤ ᠰᠠᠭᠤᠷᠢ ᠶᠢᠨ ᠰᠢᠰᠲ᠋ᠧᠮ ᠨᠢ ᠵᠸᠠᠳᠡᠨ ᠤ

ᠭᠠᠯᠠᠪ ᠠᠴᠠ ᠡᠬᠢᠯᠡᠭᠰᠡᠨ ᠲᠤᠨᠤᠮᠠᠯ ᠴᠢᠯᠠᠭᠤᠯᠢᠭ ᠭᠠᠨᠳᠢᠭ ᠴᠢᠯᠠᠭᠤ ᠪᠠᠷ ᠪᠦᠷᠢᠯᠳᠦᠭᠴᠢ ᠳᠡᠭᠡᠳᠦ ᠳᠠᠪᠬᠤᠷᠭ᠎ᠠ ᠨᠢ ᠴᠠᠷᠳᠠ ᠵᠢᠨ‌ᠭᠠᠯᠠᠪ ᠢᠶᠠᠷ ᠭᠤᠤᠯᠯᠠᠭᠰᠠᠨ ᠡᠯᠡᠰᠦᠷᠭᠡᠭ

ᠴᠢᠯᠠᠭᠤᠯᠢᠭ ᠢᠶᠠᠷ ᠪᠦᠷᠬᠦᠭᠳᠡᠵᠡᠢ᠃ ᠤᠷᠳᠤ ᠬᠤᠭᠤᠴᠠᠭᠠᠨ ᠤ ᠳᠤᠷᠰᠢ᠂ ᠬᠠᠯᠠᠭᠤᠨ ᠬᠦᠢᠳᠡᠨ ᠤ ᠬᠤᠪᠢᠷᠠᠯ᠂ ᠭᠠᠩ ᠬᠠᠭᠤᠷᠠᠢ᠂ ᠰᠠᠯᠬᠢ ᠪᠤᠷᠤᠭᠠᠨ ᠵᠡᠷᠭᠡ ᠠᠭᠤᠷ

ᠠᠮᠢᠰᠬᠤᠯ ᠤᠨ ᠨᠦᠯᠦᠭᠡᠯᠡᠯ ᠢᠶᠠᠷ ᠭᠠᠵᠠᠷ ᠤᠨ ᠬᠦᠷᠦᠰᠦ ᠬᠦᠴᠦᠲᠡᠢ ᠡᠯᠡᠭᠲᠡᠨ ᠪᠤᠲᠠᠷᠠᠬᠤ ᠶᠢᠨ ᠬᠠᠮᠲᠤ᠂ ᠭᠤᠤᠯ ᠤᠨ ᠤᠷᠤᠰᠬᠠᠯ ᠤᠨ ᠲᠤᠨᠤᠮᠠᠯ᠂ ᠰᠠᠯᠬᠢᠨ ᠤ ᠬᠡᠶᠢᠰᠬᠡᠨ

ᠨᠡᠭᠦᠯᠭᠡᠬᠦ᠂ ᠨᠠᠭᠤᠷ ᠴᠦᠬᠦᠷᠦᠮ ᠤᠨ ᠲᠤᠨᠤᠳᠠᠰᠤ ᠵᠡᠷᠭᠡ ᠬᠦᠴᠦᠨ ᠵᠦᠢᠯ ᠳᠤ  ᠨᠦᠯᠦᠭᠡᠯᠡᠭᠳᠡᠭᠰᠡᠨ ᠠᠴᠠ ᠠᠭᠠᠵᠢᠮ ᠢᠶᠠᠷ ᠡᠯᠡᠰᠦ ᠮᠠᠩᠬ᠎ᠠ ᠪᠤᠯᠵᠦ ᠬᠤᠪᠢᠷᠠᠵᠠᠢ᠃

ᠳᠠᠷᠠᠭᠠᠯᠠᠪᠠᠯ ᠬᠦᠮᠦᠰ ᠤᠨ ᠨᠦᠯᠦᠭᠡᠯᠡᠯ ᠴᠦ ᠡᠭᠦᠨ ᠤ ᠨᠢᠭᠡ ᠬᠦᠴᠦᠨ‌ᠵᠦ᠋ᠢᠯ ᠪᠤᠯᠤᠨ᠎ᠠ᠃ ᠪᠠᠷᠢᠮᠳᠠᠳᠣ ᠮᠠᠲ᠋ᠧᠷᠢᠶᠠᠯ ᠢ ᠦᠨᠳᠦᠰᠦᠯᠡᠪᠡᠯ ᠶᠡᠭᠡ ᠲᠦᠯᠦᠪ ᠴᠢᠨ ︵ᠨᠡᠶᠢᠲᠠ ᠶᠢᠨ

ᠤᠨ ᠲᠠᠭᠠᠯᠠᠯ ᠠᠴᠠ ᠡᠮᠦᠨ᠎ᠡ221 —206 ᠤᠨ︶ ᠬᠠᠨ ︵ᠨᠡᠶᠢᠲᠠ ᠶᠢᠨ ᠤᠨ ᠲᠠᠭᠠᠯᠠᠯ ᠠᠴᠠ ᠡᠮᠦᠨ᠎ᠡ206 ᠤᠨ — ᠨᠡᠶᠢᠲᠠ ᠶᠢᠨ ᠤᠨ ᠲᠤᠭᠠᠯᠠᠯ ᠤᠨ23 ᠤᠨ︶

 ᠤ ᠦᠶ᠎ᠡ ᠳᠤ ᠳᠠᠶᠢᠨ ᠪᠠᠶᠢᠯᠳᠤᠭᠠᠨ ᠤ ᠱᠠᠭᠠᠷᠳᠠᠯᠭ᠎ᠠ‌ᠡᠴᠠ ᠪᠤᠯᠵᠦ ᠬᠢᠯᠢ ᠬᠢᠵᠠᠭᠠᠷ ᠲᠤ ᠠᠷᠠᠳ ᠢ ᠶᠡᠭᠡ ᠬᠡᠮᠵᠢᠶ᠎ᠡ ᠪᠠᠷ ᠨᠡᠭᠦᠯᠭᠡᠨ᠂ ᠠᠳᠠᠷ ᠬᠠᠭᠠᠯᠪᠤᠷᠢᠯᠠᠭᠰᠠᠨ ᠠᠴᠠ ᠪᠤᠯᠵᠦ

ᠪᠠᠶᠢᠭᠠᠯᠢ ᠶᠢᠨ ᠤᠷᠭᠤᠮᠠᠯ ᠤᠨ ᠬᠤᠴᠢᠯᠭ᠎ᠠ ᠬᠡᠴᠡᠭᠦᠦ ᠡᠪᠳᠡᠭᠳᠡᠪᠡ᠃ ᠲᠠᠩ ᠤᠯᠤᠰ ︵618 —907 ᠤᠨ︶ ᠠᠴᠠ ᠭᠤᠮᠢᠨᠳᠠᠩ ᠤᠨ ᠨᠤᠶᠠᠷᠬᠠᠯ ᠪᠤᠯᠳᠠᠯ᠎ᠠ ᠤᠶᠢᠷ᠎ᠠ ᠶᠢᠨ

ᠵᠠᠭᠤᠭᠠᠳ ᠵᠢᠯ ᠤᠨ ᠳᠤᠷᠰᠢ᠂ ᠨᠡᠩ ᠴᠢᠨᠠᠭᠰᠢᠲᠠ ᠦᠷᠭᠡᠳᠬᠡᠨ ᠬᠠᠭᠠᠯᠪᠤᠷᠢᠯᠠᠭᠰᠠᠨ ᠢᠶᠠᠷ ᠡᠯᠡᠰᠦᠵᠢᠯ ᠳᠦᠷᠭᠡᠳᠴᠦ᠂ ᠬᠡᠪᠴᠢᠶ᠎ᠡ ᠨᠢ ᠶᠡᠬᠡᠳᠦᠭᠡᠳ ᠤᠳᠤ ᠶᠢᠨ ᠡᠨᠡ ᠮᠡᠳᠦ

ᠶᠡᠭᠡ ᠲᠠᠯᠠᠪᠠᠢ ᠪᠦᠬᠦᠢ ᠡᠯᠡᠰᠦᠨ ᠮᠠᠩᠬ᠎ᠠ ᠪᠤᠢ ᠪᠤᠯᠪᠠ᠃

      ᠳᠠᠯᠠᠳ ᠬᠤᠰᠢᠭᠤᠨ ᠤ ᠬᠡᠪᠴᠢᠶ᠎ᠡ ᠬᠢᠵᠠᠭᠠᠷ ᠳᠤᠳᠤᠷᠠᠬᠢ ᠤᠩᠭᠤᠨ ᠡᠯᠡᠰᠦ ᠪᠠᠷ ᠭᠤᠤᠯ ᠪᠤᠯᠭᠠᠭᠰᠠᠨ ᠬᠦᠪᠴᠢ ᠡᠯᠡᠰᠦᠨ ᠪᠦᠰᠡ ᠨᠢ ᠲᠡᠦᠬᠡᠨ ᠳᠡᠭᠡᠷ᠎ᠡ ᠡᠯᠡᠰᠦ

ᠮᠠᠩᠬ᠎ᠠ ᠲᠤᠭᠳᠠᠪᠤᠷᠢᠲᠠᠢ᠂ ᠤᠰᠤ ᠪᠡᠯᠴᠢᠭᠡᠷ ᠦᠨᠢᠷ ᠪᠠᠶᠠᠯᠢᠭ᠂ ᠮᠠᠯ ᠰᠦᠷᠦᠭ ᠤᠯᠠᠨ᠂ ᠬᠡᠬᠡᠷ᠎ᠡ ᠶᠢᠨ ᠠᠷᠢᠶᠠᠳᠠᠨ ᠵᠢᠭᠦᠷᠳᠡᠨ ᠤᠷᠭᠤᠮᠠᠯ ᠦᠷᠡᠵᠢᠨ ᠬᠦᠭᠵᠢᠭᠰᠡᠨ ᠴᠠᠭ

ᠦᠶ᠎ᠡ ᠪᠠᠶᠢᠵᠦ ᠦᠩᠭᠡᠷᠡᠵᠡᠢ᠃ ᠡᠯᠡᠰᠦᠨ ᠪᠦᠰᠡᠨ ᠤ ᠬᠠᠷᠠᠰᠢᠭᠰᠠᠨ ᠬᠦᠷᠦᠰᠦ᠂ ᠬᠠᠷ᠎ᠠ ᠡᠯᠡᠰᠦᠷᠭᠡᠭ ᠬᠦᠷᠦᠰᠦ ᠵᠢᠴᠢ ᠨᠢᠭᠡ  ᠪᠦᠯᠦᠭ ᠨᠠᠩᠭᠢ ᠰᠢᠷᠦᠢ ᠵᠡᠷᠭᠡ ᠰᠢᠷᠦᠢ ᠶᠢᠨ

ᠴᠢᠨᠠᠷ ᠭᠡᠷᠡᠴᠢᠯᠡᠭᠰᠡᠨ ᠨᠢ ᠡᠨᠡ ᠡᠯᠡᠰᠦᠨ ᠪᠦᠰᠡ ᠬᠡᠳᠦᠶᠢᠪᠡᠷ ᠦᠨᠳᠦᠷᠯᠢᠭ ᠲᠤ ᠪᠠᠶᠢᠷᠢᠯᠠᠵᠤ᠂ ᠡᠯᠡᠰᠦᠨ ᠳᠤ ᠪᠦᠷᠬᠦᠭᠳᠡᠵᠦ ᠪᠠᠶᠢᠪᠠᠴᠦ ᠬᠦᠷᠦᠰᠦ ᠰᠢᠷᠦᠢ ᠦᠩ ᠰᠢᠮᠡᠯᠢᠭ

ᠪᠦᠭᠡᠳ ᠶᠡᠭᠡ ᠬᠡᠮᠵᠢᠶᠡᠨ ᠤ ᠤᠷᠭᠠᠨᠢᠭ ᠪᠤᠳᠠᠰ ᠠᠭᠤᠯᠤᠭᠳᠠᠵᠦ ᠪᠠᠶᠢᠪᠠ᠃ ᠡᠨᠡ ᠪᠤᠯ ᠠᠭᠤᠷ ᠠᠮᠢᠰᠬᠤᠯ ᠤᠷᠢᠨ ᠳᠤᠯᠠᠭᠠᠨ᠂ ᠬᠤᠷ᠎ᠠ ᠳᠤᠨᠤᠳᠠᠰᠤ ᠡᠯᠪᠡᠭ ᠲᠡᠯᠪᠡᠭ ᠪᠠᠶᠢᠵᠦ

ᠡᠪᠡᠰᠦ ᠤᠷᠭᠤᠮᠠᠯ‌ᠢᠭ᠌ᠴᠢ ᠰᠠᠬᠤᠯᠠᠭ ᠪᠠᠶᠢᠭᠰᠠᠨ ᠤ ᠤᠯᠠ ᠮᠦᠷ ᠮᠦᠨ᠃ ᠡᠭᠦᠨ ᠠᠴᠠ ᠭᠠᠳᠠᠨ᠎ᠠ ᠶᠤᠸᠠᠨ᠂ ᠴᠢᠩ ᠤᠨ ᠦᠶ᠎ᠡ ᠳᠤ ᠡᠯᠡᠰᠦᠨ ᠴᠦᠯ ᠤᠨ ᠭᠤᠤᠯ ᠳᠤ ᠪᠠ

ᠬᠦᠪᠡᠭᠡ ᠵᠠᠬ᠎ᠠ ᠪᠠᠷ ᠤᠷᠢᠳ ᠬᠤᠵᠢᠳ ᠮᠠᠰᠢ ᠤᠯᠠᠨ ᠰᠦᠮ᠎ᠡ ᠬᠡᠶᠢᠳ ᠪᠠᠷᠢᠭᠰᠠᠨ ᠨᠢ ᠲᠤᠬᠠᠢ ᠶᠢᠨ ᠦᠶ᠎ᠡ ᠳᠤ ᠠᠳᠡ ᠡᠨᠡ ᠮᠡᠲᠦ ᠡᠯᠡᠰᠦᠨ ᠴᠦᠯ ᠪᠠᠶᠢᠭᠰᠠᠨ ᠪᠢᠰᠢ

ᠭᠡᠳᠡᠭ ᠢ ᠮᠡᠳᠡᠵᠦ ᠪᠤᠯᠤᠨ᠎ᠠ᠃

      ᠡᠭᠦᠨ ᠠᠴᠠ ᠭᠠᠳᠠᠨ᠎ᠠ ᠤᠶᠢᠷ᠎ᠠ ᠶᠢᠨ ᠵᠢᠯ ᠤᠳ ᠲᠤ ᠤᠰᠤᠨ ᠠᠰᠢᠭᠯᠠᠯᠲᠠ ᠶᠢᠨ ᠪᠦᠳᠦᠭᠡᠨ ᠪᠠᠶᠢᠭᠤᠯᠤᠯᠲᠠ ᠪᠤᠯᠤᠨ ᠲᠠᠷᠢᠶᠠᠯᠠᠩ ᠤᠨ ᠦᠨᠳᠦᠰᠦᠨ  ᠪᠦᠳᠦᠭᠡᠨ

ᠪᠠᠶᠢᠭᠤᠯᠤᠯᠲᠠ ᠶᠢᠨ ᠳᠤᠮᠲᠠ ᠴᠦᠭᠡᠨ ᠪᠤᠰᠤ ᠲᠡᠦᠬᠡᠨ ᠳᠤᠷᠠᠰᠬᠠᠯᠳᠤ ᠵᠦᠢᠯ ᠢ ᠤᠯᠵᠠᠢ᠃ ᠵᠢᠱᠢᠶᠡᠯᠡᠪᠡᠯ᠂ ᠪᠠᠷᠠᠭᠤᠨ ᠰᠢᠶᠡ ᠤᠯᠤᠰ ᠤᠨ ᠵᠡᠰ ᠢᠶᠠᠷ ᠱᠤᠭᠤᠮᠠᠯᠠᠭᠰᠠᠨ

ᠵᠠᠩᠵᠤᠨ ᠤ ᠬᠦᠷᠦᠭ᠂ ᠲᠠᠩ ᠤᠯᠤᠰ ᠤᠨ ᠲᠢᠶᠠᠨ ᠪᠤᠤ ᠶᠢᠨ ᠤᠨ ᠤ ᠵᠡᠰ ᠵᠤᠭᠤᠰ᠂ ᠰᠢᠷ᠎ᠠ ᠠᠯᠲᠠ᠂ ᠮᠦᠩᠭᠦᠨ ᠵᠠᠰᠠᠯ ᠡᠳ᠋ᠯᠡᠯ᠂ ᠸᠠᠩ ᠭᠦᠩ ᠢᠵᠠᠭᠤᠷᠳᠠᠨ ᠤ

ᠤᠩᠭᠤᠨ ᠪᠠ ᠤᠩᠭᠤᠨ ᠳᠤᠳᠣᠷᠠᠬᠢ ᠵᠡᠷ ᠵᠡᠪᠰᠡᠭ᠂ ᠶᠡᠭᠡ ᠬᠡᠮᠵᠢᠶᠡᠨ ᠤ ᠠᠮᠢᠳᠠᠨ ᠤ ᠶᠠᠰᠤᠨ ᠬᠡᠯᠬᠢᠶ᠎ᠡ᠂ ᠵᠢᠴᠢ ᠮᠠᠰᠢ ᠤᠯᠠᠨ ᠡᠷᠳᠡᠨ ᠤ ᠬᠤᠲᠠ ᠶᠢᠨ ᠪᠠᠭᠤᠷᠢ ᠵᠡᠷᠭᠡ ᠨᠢ

ᠴᠦᠮ ᠲᠡᠦᠬᠡᠨ ᠳᠡᠭᠡᠷ᠎ᠡ ᠡᠨᠡ ᠭᠠᠵᠠᠷ ᠲᠤ ᠤᠯᠤᠰ ᠲᠦᠷᠤ᠂ ᠠᠵᠦ ᠠᠬᠤᠢ᠂ ᠴᠡᠷᠢᠭ ᠤᠨ ᠶᠠᠪᠤᠳᠠᠯ ᠪᠤᠯᠤᠨ ᠱᠠᠰᠢᠨ ᠰᠤᠷᠳᠠᠬᠤᠨ ᠳᠡᠯᠭᠡᠷᠡᠵᠦ  ᠪᠠᠶᠢᠭᠰᠠᠨ ᠢ ᠭᠡᠷᠡᠴᠢᠯᠡᠵᠦ

ᠪᠠᠶᠢᠨ᠎ᠠ᠃ ᠮᠦᠨ ᠴᠤ ᠦᠢᠯᠡᠳᠪᠦᠷᠢᠯᠡᠯ ᠤᠨ ᠬᠦᠭᠵᠢᠨ ᠪᠠᠳᠠᠷᠠᠭᠰᠠᠨ ᠪᠠᠶᠢᠳᠠᠯ ᠪᠠᠶᠢᠭᠰᠠᠨ ᠭᠡᠰᠨᠨ ᠢ ᠭᠡᠷᠡᠴᠢᠯᠡᠵᠦ ᠪᠠᠶᠢᠨ᠎ᠠ᠃  ᠤᠳᠤ ᠴᠤ ᠭᠡᠳ ᠲᠤᠬᠠᠢ ᠶᠢᠨ ᠦᠶ᠎ᠡ ᠶᠢᠨ

ᠬᠦᠪᠴᠢ ᠶᠢᠨ ᠡᠯᠡᠰᠦ ᠶᠢ ᠮᠠᠭᠳᠠᠭᠰᠠᠨ ᠮᠤᠩᠭᠤᠯ ᠳᠠᠭᠤ ᠤᠯᠠᠮᠵᠢᠯᠠᠭᠳᠠᠵᠤ ᠪᠠᠶᠢᠨ᠎ᠠ᠃ ᠳᠠᠭᠤᠤ ᠶᠢᠨ ᠶᠡᠭᠡ ᠳᠦᠯᠦᠪ ᠤᠳᠬ᠎ᠠ ᠨᠢ᠄

           ᠬᠦᠳᠡᠭᠡ ᠲᠠᠯ᠎ᠠ ᠶᠢᠨ ᠭᠠᠵᠠᠷ ᠪᠤᠯᠭᠠᠨ ᠳᠤ ᠪᠠᠶᠠᠨ ᠰᠢᠮᠡᠯᠢᠭ ᠪᠡᠯᠴᠢᠭᠡᠷ ᠲᠠᠢ

           ᠬᠦᠪᠴᠢ ᠡᠯᠡᠰᠦᠨ ᠤ ᠤᠢ ᠰᠢᠭᠤᠢ ᠪᠦᠬᠦᠨ ᠳᠤ ᠪᠠᠷᠢᠭᠳᠠᠰᠢ ᠦᠭᠡᠢ ᠭᠦᠷᠦᠭᠡᠰᠦ ᠲᠠᠢ

           ᠬᠦᠷᠦᠰᠦᠨ ᠳᠤᠤᠷᠠᠬᠢ ᠠᠳᠡ ᠲᠡᠨᠳᠡ ᠳᠤᠨᠢ ᠪᠤᠯᠠᠭᠳᠠᠮᠠᠯ ᠬᠤᠪᠤᠷ ᠡᠷᠳᠡᠨᠢ ᠲᠠᠢ

           ᠬᠦᠮᠦᠰ ᠤᠨ ᠬᠡᠷᠡᠭᠴᠡᠭᠡ ᠪᠦᠬᠦᠢ  ᠵᠦᠢᠯ ᠬᠠᠶᠠ ᠦᠭᠡᠢ ᠠᠷᠪᠢᠨ ᠪᠠᠶᠢᠨ᠎ᠠ᠃

                   ᠠᠨᠠᠪᠠᠳ ᠳᠠᠯᠠᠢ ᠮᠡᠳᠦ ᠬᠢᠵᠠᠭᠠᠷ ᠦᠭᠡᠢ

                   ᠠᠭᠤᠳᠠᠮ ᠲᠡᠨᠢᠭᠡᠷ ᠪᠠᠶᠠᠨ ᠴᠢᠨᠡᠭᠡᠯᠢᠭ ᠡ

                   ᠠᠵᠠ ᠵᠠᠶᠠᠭ᠎ᠠ ᠲᠠᠢ ᠪᠢᠲᠠ ᠪᠦᠬᠦᠨ

                   ᠠᠰᠢᠲᠠ ᠲᠡᠭᠦᠨ ᠤ ᠡᠵᠡᠨ ᠨᠢ ᠪᠤᠯᠠᠢ᠃

           ᠠᠰᠤᠷᠤ ᠰᠠᠶᠢᠬᠠᠨ ᠦᠯᠦᠭᠡᠢ ᠨᠤᠳᠤᠭ ᠢᠶᠠᠨ

           ᠠᠶᠠᠯᠠᠭᠤᠯᠤᠨ ᠳᠠᠭᠤᠯᠠᠨ᠎ᠠ ᠪᠢᠳᠡ ᠪᠦᠭᠦᠳᠡᠭᠡᠷ

           ᠮᠠᠨ ᠤ ᠬᠠᠶᠢᠷᠠᠳᠤ ᠨᠤᠳᠤᠭ ᠤᠷᠤᠨ ᠳᠤ

           ᠮᠠᠩᠯᠠᠢ ᠳᠡᠭᠡᠳᠦ ᠡᠳ᠋ ᠬᠠᠳᠠᠭᠠᠯᠠᠭᠳᠠᠳᠠᠭ︕

                   ᠵᠤᠯ ᠵᠢᠷᠭᠠᠯᠳᠤ ᠠᠮᠢᠳᠤᠷᠠᠯ ᠢᠶᠠᠨ ᠪᠦᠳᠦᠭᠡᠵᠦ

                   ᠵᠤᠭᠰᠤᠰᠢ ᠦᠭᠡᠢ ᠦᠭᠡᠳᠡᠯᠡᠨ ᠮᠠᠨᠳᠤᠬᠤ ᠳᠤ

                   ᠲᠦᠷᠪᠡᠨ ᠤᠳᠤᠬᠢᠴᠢᠯᠠᠯᠲᠠ ᠪᠠᠨ ᠵᠠᠪᠠᠯ ᠬᠤᠷᠳᠤᠳᠬᠠᠵᠦ

                   ᠲᠦᠷᠦᠭᠰᠡᠨ ᠨᠤᠳᠤᠭ ᠢᠶᠠᠨ ᠪᠤᠰᠢᠭᠤ ᠴᠡᠴᠡᠭᠯᠡᠭᠦᠯᠦᠨ᠎ᠡ᠃

      ᠴᠢᠯᠦᠭᠡᠯᠡᠭᠳᠡᠭᠰᠡᠨ ᠤ ᠳᠠᠷᠠᠭ᠎ᠠ᠂ ᠨᠠᠮ ᠪᠤᠯᠤᠨ ᠠᠷᠠᠳ ᠤᠨ ᠵᠠᠰᠠᠭ ᠤᠨ ᠤᠷᠳᠤᠨ ᠠᠴᠠ ᠠᠳᠠᠷ ᠬᠠᠭᠠᠯᠪᠤᠷᠢᠯᠠᠬᠤ ᠶᠢ ᠴᠠᠭᠠᠵᠠᠯᠠᠵᠦ᠂ ᠤᠷᠭᠤᠮᠠᠯ ᠬᠤᠴᠢᠯᠭ᠎ᠠ ᠶᠢ

ᠰᠡᠷᠭᠦᠭᠡᠨ᠂ ᠮᠠᠯ ᠤᠨ ᠪᠡᠯᠴᠢᠭᠡᠷ ᠢ ᠬᠠᠮᠠᠭᠠᠯᠠᠬᠤ ᠶᠢᠨ ᠬᠠᠮᠲᠤ ᠪᠠᠰᠠ ᠡᠯᠡᠰᠦ ᠮᠠᠩᠬ᠎ᠠ ᠶᠢ ᠦᠭᠡᠷᠡᠴᠢᠯᠡᠬᠦ ᠠᠷᠭ᠎ᠠ ᠬᠡᠮᠵᠢᠶ᠎ᠡ ᠠᠪᠴᠠᠢ᠃ ᠭᠡᠪᠡᠴᠦ ᠨᠢᠭᠡᠨ ᠦᠶ᠎ᠡ ᠦᠷᠦᠭᠡᠰᠦᠯ

 ᠢᠶᠠᠷ ᠲᠠᠷᠢᠶᠠᠯᠠᠩ ᠢ ᠴᠢᠬᠤᠯᠠᠴᠢᠯᠠᠵᠤ ᠠᠮᠤ ᠪᠤᠳᠠᠭ᠎ᠠ ᠪᠠᠷ ᠬᠦᠳᠦᠯᠪᠦᠷᠢ ᠪᠤᠯᠭᠠᠭᠰᠠᠨ ᠪᠠ1958 ᠤᠨ᠂1962 ᠤᠨ᠂1970 ᠤᠨ ᠳᠤ ᠭᠤᠷᠪᠠ ᠤᠳᠠᠭ᠎ᠠ ᠶᠡᠭᠡ ᠪᠠᠷ

ᠠᠳᠠᠷ ᠬᠠᠭᠠᠯᠪᠤᠷᠢᠯᠠᠵᠦ ᠤᠷᠭᠤᠮᠠᠯ ᠬᠤᠴᠢᠯᠭ᠎ᠠ ᠶᠢ ᠡᠪᠳᠡᠭᠰᠡᠨ‌ᠦᠵᠡᠭᠳᠡᠯ ᠭᠠᠷᠪᠠ᠃ ᠡᠭᠦᠨ ᠤ ᠳᠡᠭᠡᠷ᠎ᠡ ᠪᠡᠯᠴᠢᠭᠡᠷ ᠢ ᠡᠪᠳᠡᠵᠦ ᠬᠠᠮᠢᠶᠠᠷᠤᠯᠲᠠ ᠮᠠᠭᠤ ᠪᠤᠯᠤᠭᠰᠠᠨ ᠰᠢᠯᠳᠠᠭᠠᠨ

 ᠠᠴᠠ ᠪᠤᠯᠵᠦ᠂ ᠡᠯᠡᠰᠦ ᠢ ᠵᠠᠰᠠᠬᠤ ᠠᠵᠢᠯ ᠰᠦᠷᠡᠬᠡᠢ ᠨᠦᠯᠦᠭᠡᠯᠡᠭᠳᠡᠪᠡ᠃ ᠡᠶᠢᠮᠦ ᠡᠴᠠ‌‍ᠲ᠋ᠠᠯᠠᠳ‌ᠬᠤᠰᠢᠭᠤᠨ ᠤ ᠬᠦᠪᠴᠢ ᠶᠢᠨ ᠡᠯᠡᠰᠦ ᠪᠠᠰᠠ ᠯᠡ ᠪᠠᠯᠠᠷ ᠴᠦᠯ ᠢᠶᠠᠷ ᠢᠶᠠᠨ

ᠪᠠᠶᠢᠵᠦ ᠮᠠᠯ ᠠᠵᠦ ᠠᠬᠤᠢ ᠶᠢ ᠨᠦᠯᠦᠭᠡᠯᠡᠵᠦ ᠠᠷᠠᠳ ᠲᠦᠮᠡᠨ ᠤ ᠠᠮᠢᠳᠤᠷᠠᠯ ᠳᠤ ᠭᠠᠢ ᠭᠠᠮᠰᠢᠭ ᠤᠴᠠᠷᠠᠭᠤᠯᠤᠭᠰᠨ ᠤ ᠬᠠᠮᠳᠤ᠂  ᠬᠠᠳᠤᠨ ᠭᠤᠤᠯ ᠳᠤ ᠶᠡᠭᠡ ᠬᠡᠮᠵᠢᠶᠡᠨ ᠤ

ᠡᠯᠡᠰᠦ ᠰᠢᠷᠦᠢ ᠤᠷᠤᠰᠤᠨ ᠤᠷᠤᠵᠤ ᠪᠠᠶᠢᠨ᠎ᠠ᠃

     ᠤᠳᠤ ᠬᠦᠪᠴᠢ ᠡᠯᠡᠰᠦᠨ ᠤ ᠰᠦᠷᠳᠡᠭᠦᠯᠦᠯ ᠳᠤ ᠨᠠᠮ ᠪᠤᠯᠤᠨ ᠠᠷᠠᠳ ᠤᠨ ᠵᠠᠰᠠᠭ ᠤᠨ ᠤᠷᠳᠤᠨ ᠶᠡᠭᠡ ᠪᠠᠷ ᠠᠩᠬᠠᠷᠣᠯ ᠲᠠᠯᠪᠢᠵᠤ ᠪᠠᠶᠢᠬᠤ ᠪᠦᠭᠡᠳ ᠬᠤᠯᠪᠤᠭᠲᠠᠯ

ᠪᠦᠬᠦᠢ ᠲᠠᠯ᠎ᠠ ᠶᠢᠨ ᠬᠢᠨ ᠪᠦᠬᠦᠶᠢᠯᠡ ᠬᠦᠪᠴᠢ ᠶᠢᠨ ᠡᠯᠡᠰᠦ ᠶᠢ ᠬᠠᠶᠢᠨ ᠪᠠᠶᠢᠴᠠᠭᠠᠵᠦ ᠡᠯᠡᠰᠦ ᠮᠠᠩᠬ᠎ᠠ ᠶᠢ ᠵᠠᠰᠠᠵᠦ ᠬᠦᠪᠴᠢ ᠶᠢᠨ ᠡᠯᠡᠰᠦ ᠶᠢ ᠦᠭᠡᠷᠡᠴᠢᠯᠡᠬᠦ  ᠶᠡᠭᠡ

ᠬᠡᠮᠵᠢᠶᠡᠨ ᠤ ᠠᠵᠢᠯ ᠢ ᠦᠷᠨᠢᠭᠦᠯᠵᠦ ᠪᠠᠶᠢᠨ᠎ᠠ᠃

                     

ᠢᠷᠡᠯᠲᠡ᠄ ︽ᠳᠠᠯᠠᠳ ᠤᠨ ᠰᠤᠶᠤᠯ ᠲᠡᠦᠬᠡ︾ ᠭᠡᠬᠦ ᠨᠤᠮ ᠠᠴᠠ ᠪᠠᠭᠤᠯᠭᠠᠪᠠ᠃