ᠳᠠᠯᠠᠳ ᠬᠤᠰᠢᠭᠤᠨ ᠤ ᠭᠤᠤᠯ ᠤᠰᠤᠨ  ᠰᠢᠰᠲ᠋ᠧᠮ —  ᠨᠠᠢᠮᠠᠨ ᠶᠡᠭᠡ ᠬᠦᠨᠲᠡᠢ
ᠨᠡᠶᠢᠲᠡᠯᠡᠭᠰᠡᠨ ᠴᠠᠭ᠄
2018/5/7

      ᠳᠠᠯᠠᠳ ᠬᠤᠰᠢᠭᠤᠨ ᠤ ᠭᠠᠵᠠᠷ   ᠤᠨ ᠪᠠᠶᠢᠴᠠ ᠶᠢ ᠵᠡᠭᠦᠨ ᠠᠴᠠ ᠪᠠᠷᠠᠭᠤᠨᠰᠢ 3 ᠪᠦᠰᠡᠯᠢᠭ ᠤᠷᠤᠨ ᠢᠶᠠᠷ ᠬᠤᠪᠢᠶᠠᠷᠢᠯᠠᠵᠤ ᠪᠤᠯᠤᠨ᠎ᠠ᠃ ᠤᠮᠠᠷᠠᠳᠤ ᠭᠡᠰᠡᠭ ᠨᠢ

ᠬᠠᠳᠤᠨ ᠭᠤᠤᠯ ᠳᠠᠭᠠᠦ ᠲᠤᠨᠤᠮᠠᠯ ᠲᠠᠯ᠎ᠠ ᠭᠠᠵᠠᠷ ᠪᠤᠯᠤᠨ ᠦᠶᠡᠷ ᠤᠨ ᠲᠤᠨᠤᠳᠠᠰᠤ ᠲᠠᠯ᠎ᠠ ᠭᠠᠵᠠᠷ᠂ ᠳᠤᠮᠳᠠᠳᠤ ᠭᠡᠰᠡᠭ ᠨᠢ ᠬᠦᠪᠴᠢ ᠶᠢᠨ ᠡᠯᠡᠰᠦ ᠮᠠᠩᠬᠠᠨ ᠪᠦᠰᠡ᠂

ᠡᠮᠦᠨᠡᠳᠦ ᠭᠡᠰᠡᠭ ᠨᠢ ᠰᠢᠷ᠎ᠠ ᠬᠦᠷᠦᠰᠦᠲᠦ ᠦᠨᠳᠦᠷᠯᠢᠭ ᠤᠨ ᠠᠷᠤ ᠬᠤᠷᠮᠦᠢ ᠶᠤᠮ᠃  ᠪᠦᠬᠦ ᠬᠤᠰᠢᠭᠤᠨ ᠤ ᠭᠠᠵᠠᠷ ᠤᠨ ᠪᠠᠶᠢᠴᠠ ᠶᠢᠨ ᠡᠮᠦᠨᠡᠲᠦ ᠲᠠᠯ᠎ᠠ ᠨᠢ ᠦᠨᠳᠦᠷ᠂

ᠬᠤᠶᠢᠳᠤ ᠲᠠᠯ᠎ᠠ ᠨᠢ ᠪᠤᠭᠤᠨᠢ ᠶᠤᠮ᠃

      ᠭᠠᠵᠠᠷ ᠵᠦᠢ ᠶᠢᠨ ᠤᠷᠴᠢᠨ ᠲᠤᠭᠤᠷᠢᠨ ᠠᠴᠠ ᠪᠤᠢ ᠪᠤᠯᠤᠭᠰᠠᠨ ᠦᠨᠳᠦᠷᠯᠢᠭ ᠪᠤᠯᠤᠨ ᠳᠤᠪᠤᠴᠠᠭ ᠭᠠᠵᠠᠷ ᠤᠨ ᠬᠤᠷ᠎ᠠ ᠪᠤᠷᠤᠭᠠᠨ ᠤ ᠤᠰᠤ ᠨᠢ ᠣᠷᠣᠭᠤ ᠳᠠᠭᠠᠦ

ᠤᠮᠠᠷᠠᠰᠢ ᠨᠠᠯᠠᠦ ᠨᠢ ᠤᠳᠠᠭᠠᠨ ᠵᠢᠯ ᠵᠤᠵᠠᠭᠠᠨ ᠬᠤᠨᠤᠭ ᠤᠨ ᠤᠰᠤᠨ ᠳᠤ ᠤᠷᠤᠰᠬᠠᠭᠳᠠᠵᠤ ᠠᠶᠠᠨᠳᠠᠭᠠᠨ ᠲᠤᠭ᠎ᠠ ᠲᠤᠮᠰᠢ ᠦᠭᠡᠢ ᠤᠯᠠᠨ ᠭᠤᠤ ᠭᠠᠩᠭ᠎ᠠ ᠭᠠᠷᠴᠠᠢ᠃

ᠡᠳᠡᠭᠡᠷ ᠭᠤᠤ ᠭᠠᠩᠭ᠎ᠠ ᠨᠢ ᠢᠳᠡᠭ ᠢᠳᠡᠭ ᠢᠶᠠᠷ ᠲᠦᠪᠯᠡᠷᠡᠨ ᠨᠡᠶᠢᠯᠡᠵᠦ᠂ ᠬᠡᠳᠦᠨ ᠶᠡᠭᠡ ᠭᠤᠤᠯ ᠤᠨ ᠬᠦᠨᠲᠡᠢ ᠪᠤᠢ ᠪᠤᠯᠵᠡᠢ᠃ ᠭᠤᠤᠯ ᠤᠨ ᠤᠷᠤᠰᠬᠠᠯ ᠨᠢ ᠡᠮᠦᠨ᠎ᠡ ᠵᠦᠭ

 ᠠᠴᠠ ᠤᠮᠠᠷᠠᠰᠢ ᠬᠦᠪᠴᠢ ᠶᠢᠨ ᠡᠯᠡᠰᠦ ᠶᠢ ᠨᠡᠪᠳᠡᠯᠵᠦ ᠬᠠᠳᠤᠨ ᠭᠤᠤᠯ ᠳᠠᠭᠠᠦ ᠲᠠᠯ᠎ᠠ ᠭᠠᠵᠠᠷ ᠢᠶᠠᠷ ᠤᠷᠤᠰᠤᠨ ᠦᠩᠭᠡᠷᠡᠭᠡᠳ ᠬᠠᠳᠤᠨ ᠭᠤᠤᠯ ᠳᠤ ᠴᠢᠳᠬᠤᠯᠠᠨ᠎ᠠ᠃

      ᠳᠠᠯᠠᠳ ᠬᠤᠰᠢᠭᠤᠨ ᠤ ᠬᠡᠪᠴᠢᠶᠡᠨ ᠳᠤ ᠨᠠᠢᠮᠠᠨ ᠶᠡᠭᠡ ᠭᠤᠤᠯ ᠤᠨ ᠬᠦᠨᠲᠡᠢ ᠪᠠᠶᠢᠳᠠᠭ᠃ ᠳᠡᠳᠡᠭᠡᠷ ᠭᠤᠤᠯ ᠤᠨ ᠡᠬᠢ ᠰᠤᠷᠪᠤᠯᠵᠢ ᠨᠢ ᠴᠦᠮ ᠳ᠋ᠦᠩᠱᠧᠩ᠂

ᠬᠠᠩᠭᠢᠨ ᠪᠤᠯᠤᠨ ᠲᠤᠰ ᠬᠤᠰᠢᠭᠤᠨ ᠳᠤ ᠪᠠᠶᠢᠳᠠᠭ  ᠃ ᠤᠷᠤᠰᠬᠠᠯ ᠳᠠᠭᠠᠦ ᠰᠠᠯᠠᠭ᠎ᠠ ᠮᠦᠴᠢᠷ ᠲᠤᠭ᠎ᠠ ᠲᠤᠮᠰᠢ ᠦᠭᠡᠢ ᠤᠯᠠᠨ ᠪᠠᠶᠢᠳᠠᠭ ᠪᠤᠯᠬᠤᠷ ᠲᠦᠪᠯᠡᠷᠡᠨ

ᠬᠤᠷᠠᠮᠳᠤᠭᠰᠠᠭᠠᠷ ᠶᠡᠭᠡ ᠭᠤᠤᠯ ᠪᠤᠯᠪᠠ᠃ ᠨᠠᠢᠮᠠᠨ ᠶᠡᠭᠡ ᠬᠦᠨᠲᠡᠢ ᠶᠢ ᠵᠡᠭᠦᠨ ᠠᠴᠠ ᠵᠢᠭᠰᠠᠭᠠᠪᠠᠯ᠄ ᠬᠤᠰᠤᠲᠠᠢ ᠭᠤᠤᠯ᠂ ᠵᠡᠭᠦᠨ ᠪᠤᠷᠭᠠᠰᠤᠲᠠᠢ ᠭᠤᠤᠯ᠂ ᠬᠠᠰᠢᠯᠭ᠎ᠠ ᠶᠢᠨ

ᠭᠤᠤᠯ᠂ ᠬᠠᠨᠲᠠᠢ ᠶᠢᠨ ᠬᠦᠨᠲᠠᠢ᠂ ᠰᠢᠳᠦᠷᠭᠤ ᠬᠦᠨᠲᠠᠢ᠂ ᠬᠠᠷᠠᠢ ᠬᠦᠨᠲᠠᠢ᠂ ᠪᠤᠷᠭᠠᠰᠤᠲᠠᠢ ᠶᠢᠨ ᠬᠦᠨᠲᠠᠢ᠂ ᠮᠠᠭᠤ ᠪᠤᠯᠠᠭ ᠤᠨ ᠬᠦᠨᠲᠡᠢ ᠵᠡᠷᠭᠡ᠃ ᠵᠠᠰᠠᠭ ᠵᠠᠬᠢᠷᠭᠠᠨ ᠤ

ᠬᠤᠪᠢᠶᠠᠷᠢᠯᠠᠯ ᠠᠴᠠ ᠪᠤᠯᠵᠦ ᠵᠡᠭᠦᠨ ᠵᠡᠷᠭᠡᠯᠡᠳᠡᠭᠡ ᠵᠡᠭᠦᠨᠭᠠᠷ ᠬᠤᠰᠢᠭᠤ ᠲᠠᠢ ᠵᠠᠬ᠎ᠠ ᠬᠦᠪᠡᠭᠡ ᠪᠤᠯᠤᠭᠰᠠᠨ ᠬᠤᠰᠤᠲᠠᠢ ᠬᠦᠨᠲᠡᠢ ᠪᠤᠯᠤᠨ ᠪᠠᠷᠠᠭᠤᠨ ᠵᠡᠷᠭᠡᠯᠡᠳᠡᠭᠡ ᠬᠠᠩᠭᠢᠨ

ᠬᠤᠰᠢᠭᠤ ᠲᠠᠢ ᠵᠠᠬ᠎ᠠ ᠨᠡᠶᠢᠯᠡᠭᠰᠡᠨ ᠮᠠᠭᠤ ᠪᠤᠯᠠᠭ ᠤᠨ ᠬᠦᠨᠲᠡᠢ ᠶᠢ ᠬᠤᠪᠢᠶᠠᠷᠢᠯᠠᠨ ᠭᠠᠷᠭᠠᠵᠠᠢ᠃ ᠡᠭᠦᠨ ᠠᠴᠠ ᠭᠠᠳᠠᠨ᠎ᠠ᠂ ᠬᠦᠨᠲᠡᠢ ᠭᠤᠤᠯ ᠤᠨ ᠬᠦᠭᠵᠢᠯ ᠬᠤᠪᠢᠷᠠᠯᠲᠠ

 ᠠᠴᠠ ᠪᠤᠯᠵᠦ᠂ ᠬᠠᠰᠢᠯᠭ᠎ᠠ ᠬᠦᠨᠲᠠᠢ ᠶᠢᠨ ᠵᠡᠭᠦᠨᠳᠡᠬᠢ ᠰᠠᠯᠪᠤᠷᠢ ᠤᠷᠤᠰᠬᠠᠯ ᠬᠠᠨᠲᠠᠢ ᠭᠤᠤᠯ ᠬᠢᠭᠡᠳ ᠬᠠᠰᠢᠯᠭ᠎ᠠ ᠶᠢᠨ ᠬᠦᠨᠲᠡᠢ ᠪᠤᠯᠤᠨ ᠬᠠᠨᠲᠠᠢ ᠭᠤᠤᠯ ᠤᠨ ᠵᠠᠪᠰᠠᠷ ᠲᠠᠬᠢ

ᠬᠠᠭᠤᠴᠢᠨ ᠭᠤᠤᠯ ᠢ ᠶᠡᠭᠡ ᠬᠦᠨᠲᠡᠢ ᠶᠢᠨ ᠲᠤᠭᠠᠨ ᠳᠤ ᠤᠷᠤᠭᠤᠯᠤᠭᠰᠠᠨ ᠲᠤᠯᠠ᠂ ᠤᠳᠤ ᠪᠠᠰᠠ‌ᠯᠡ ᠨᠠᠢᠮᠠᠨ  ᠶᠡᠭᠡ ᠬᠦᠨᠲᠠᠢ ᠪᠤᠢ᠃

      ᠨᠠᠢᠮᠠᠨ ᠶᠡᠭᠡ ᠬᠦᠨᠲᠡᠢ ᠪᠤᠯ ᠭᠠᠵᠠᠷ ᠤᠨ ᠪᠠᠶᠢᠴᠠ᠂ ᠭᠠᠵᠠᠷ ᠤᠨ ᠭᠠᠳᠠᠷᠭᠤ᠂ ᠠᠭᠤᠷ ᠠᠮᠢᠰᠬᠤᠯ ᠵᠡᠷᠭᠡ ᠭᠤᠷᠪᠠᠨ ᠦᠨᠳᠦᠰᠦᠨ ᠡᠯᠧᠮᠧᠨ᠋ᠲ ᠶᠢᠨ ᠪᠦᠷᠢᠯᠳᠦᠭᠦᠨ

ᠮᠦᠨ᠃ ᠣᠷᠳᠤᠰ ᠤᠨ ᠦᠨᠳᠦᠷᠯᠢᠭ ᠤᠨ ᠤᠮᠠᠷᠠᠳᠤ ᠬᠤᠷᠮᠤᠢ ᠶᠢᠨ ᠭᠠᠵᠠᠷ ᠤᠨ ᠪᠠᠶᠢᠴᠠ ᠶᠢᠨ ᠡᠷᠭᠦᠭᠳᠡᠴᠡ ᠶᠢᠨ ᠵᠦᠷᠢᠶ᠎ᠡ ᠲᠤᠩ ᠶᠡᠭᠡ ᠪᠠᠶᠢᠳᠠᠭ᠃ ᠡᠮᠦᠨᠡᠳᠦ ᠭᠡᠰᠡᠭ ᠤᠨ

ᠦᠶᠡᠷ   ᠤᠨ ᠤᠰᠤᠨ ᠤ ᠡᠬᠢ ᠰᠤᠷᠪᠤᠯᠵᠢ ᠶᠢᠨ ᠭᠠᠵᠠᠷ ᠤᠨ ᠡᠷᠭᠦᠭᠳᠡᠴᠡ ᠨᠢ1400 ~1500 ᠮᠧᠲᠷ ᠪᠠᠶᠢᠬᠤ ᠳᠤ᠂ ᠳᠤᠤᠷᠠᠳᠤ ᠤᠷᠤᠰᠬᠠᠯ ᠤᠨ ᠬᠠᠳᠤᠨ ᠭᠤᠤᠯ

ᠳᠠᠭᠠᠦ ᠲᠠᠯ᠎ᠠ ᠭᠠᠵᠠᠷ ᠤᠨ ᠡᠷᠭᠦᠭᠳᠡᠴᠡ ᠨᠢ ᠰᠠᠶ᠋ᠢ1000 ~1300ᠮᠧᠲᠷ ᠪᠠᠶᠢᠳᠠᠭ᠃ ᠬᠦᠨᠲᠡᠢ ᠪᠦᠷᠢ ᠶᠢᠨ ᠪᠦᠬᠦ ᠤᠷᠳᠤ ᠨᠢ100 ᠺᠢᠯᠤᠮᠧᠲᠷ ᠤᠷᠴᠢᠮ ᠶᠤᠮ᠃

ᠭᠡᠳᠡᠯ᠎ᠡ ᠬᠦᠨᠲᠡᠢ ᠶᠢᠨ ᠡᠬᠢ ᠠᠴᠠ ᠬᠠᠳᠤᠨ ᠭᠤᠤᠯ ᠳᠤ ᠤᠷᠤᠬᠤ ᠠᠳᠠᠭ ᠬᠦᠷᠲᠡᠯᠡᠬᠢ ᠦᠨᠳᠦᠷ ᠤᠨ ᠵᠦᠷᠢᠶ᠎ᠡ ᠨᠢ400 ~500ᠮᠧᠲᠷ᠂ ᠭᠠᠵᠠᠷ ᠤᠨ ᠭᠠᠳᠠᠷᠭᠤ ᠶᠢᠨ

ᠳᠤᠮᠳᠠᠴᠢ ᠤᠷᠤᠭᠤᠳᠠᠴᠠ ᠨᠢ1/200 ~1/300᠂ ᠳᠤᠤᠷᠠᠳᠤ ᠤᠷᠤᠰᠬᠠᠯ ᠤᠨ ᠤᠷᠤᠭᠤᠳᠠᠴᠠ ᠨᠢ1/300 ~1/400᠂ ᠵᠠᠷᠢᠮ ᠭᠡᠰᠡᠭ ᠭᠠᠵᠠᠷ ᠤᠨ ᠤᠷᠤᠭᠤᠳᠠᠴᠠ

 ᠨᠢ1/400 ~1/1100 ᠶᠢᠨ ᠬᠤᠭᠤᠷᠤᠨᠳᠤ ᠪᠤᠢ᠃ ᠡᠶᠢᠮᠦ ᠪᠤᠯᠬᠤᠷ ᠨᠠᠢᠮᠠᠨ ᠶᠡᠭᠡ ᠬᠦᠨᠲᠡᠢ ᠶᠢᠨ ᠨᠡᠶᠢᠳᠡᠯᠢᠭ ᠤᠨᠴᠠᠯᠢᠭ ᠨᠢ᠄ ᠨᠢᠭᠡ   ᠳᠤ ᠭᠤᠤᠯ ᠨᠢ ᠤᠬᠤᠷ᠂

ᠤᠷᠤᠭᠤᠳᠠᠴᠠ ᠨᠢ ᠶᠡᠭᠡ᠂ ᠤᠷᠤᠰᠬᠠᠯ ᠨᠢ  ᠲᠦᠯᠭᠢᠨ︔ ᠬᠤᠶᠠᠷ ᠲᠤ ᠴᠦᠮ ᠤᠯᠠᠷᠢᠯ ᠤᠨ ᠴᠢᠨᠠᠷ ᠲᠠᠢ ᠭᠤᠤᠯ ᠤᠨ ᠬᠦᠨᠲᠡᠢ ᠪᠦᠭᠡᠳ ᠦᠶᠡᠷᠯᠡᠬᠦ ᠦᠭᠡᠢ ᠬᠤᠭᠤᠴᠠᠭᠠᠨ

 ᠳᠤ ᠬᠠᠭᠤᠷᠠᠢ ᠪᠤᠶᠤ ᠬᠠᠭᠠᠰ ᠬᠠᠭᠤᠷᠠᠢ ᠪᠠᠶᠢᠳᠠᠯ ᠲᠠᠢ ᠪᠠᠶᠢᠳᠠᠭ︔ ᠭᠤᠷᠪᠠ ᠳᠤ ᠳᠡᠭᠡᠳᠦ ᠤᠷᠤᠰᠬᠠᠯ ᠤᠨ ᠬᠦᠷᠦᠰᠦ ᠰᠢᠷᠦᠢ ᠶᠢᠨ ᠢᠳᠡᠭᠳᠡᠯ ᠬᠦᠨᠳᠤ ᠨᠤᠴᠢᠲᠠᠢ᠂ ᠡᠯᠡᠰᠦ

ᠰᠢᠪᠡᠷ ᠠᠭᠤᠯᠤᠭᠰᠠᠨ ᠬᠡᠮᠵᠢᠶ᠎ᠡ ᠨᠢ ᠶᠡᠭᠡ ᠪᠤᠢ᠃

      ᠰᠠᠪᠠ ᠭᠠᠵᠠᠷ ᠤᠨ ᠬᠦᠷᠦᠰᠦ ᠰᠢᠷᠦᠢ ᠶᠢᠨ ᠬᠤᠪᠢᠶᠠᠷᠢᠯᠠᠯ ᠨᠢ᠄ ᠳᠡᠭᠡᠳᠦ ᠤᠷᠤᠰᠬᠠᠯ ᠳᠤ ᠡᠯᠡᠰᠦ ᠨᠠᠩᠭᠢ ᠰᠢᠷᠦᠶᠢᠲᠦ ᠰᠢᠷ᠎ᠠ ᠬᠦᠷᠦᠰᠦ ᠶᠢᠨ ᠳᠤᠪᠤᠴᠠᠭ30% ᠢ

ᠡᠵᠡᠯᠡᠨ᠎ᠡ︔ ᠳᠤᠮᠳᠠ ᠤᠷᠤᠰᠬᠠᠯ ᠳᠤ ᠡᠯᠡᠰᠦᠨ ᠭᠠᠵᠠᠷ ᠪᠤᠯᠤᠨ ᠬᠦᠪᠴᠢ ᠶᠢᠨ ᠡᠯᠡᠰᠦ ᠮᠠᠩᠬ᠎ᠠ35%   ᠢ ᠡᠵᠡᠯᠡᠨ᠎ᠡ  ︔ ᠲᠤᠤᠷᠠᠳᠤ ᠤᠷᠤᠰᠬᠠᠯ ᠳᠤ ᠭᠤᠤᠯ ᠳᠠᠭᠠᠦ

ᠲᠠᠯ᠎ᠠ ᠭᠠᠵᠠᠷ35% ᠢ ᠡᠵᠡᠯᠡᠵᠦ ᠪᠤᠢ᠃ ᠰᠠᠪᠠ ᠭᠠᠵᠠᠷ ᠤᠨ ᠠᠭᠤᠷ ᠠᠮᠢᠰᠬᠤᠯ ᠤᠨ ᠤᠨᠴᠠᠯᠢᠭ ᠨᠢ ᠡᠬᠡ ᠭᠠᠵᠠᠷ ᠤᠨ ᠴᠢᠨᠠᠷᠲᠠᠢ ᠠᠭᠤᠷ ᠠᠮᠢᠰᠬᠤᠯ ᠳᠤ ᠪᠠᠭᠳᠠᠭᠳᠠᠨ᠎ᠠ᠃

ᠭᠠᠩ ᠬᠠᠭᠤᠷᠠᠢ᠂ ᠪᠤᠷᠤᠭᠠᠨ ᠪᠠᠭ᠎ᠠ᠂ ᠰᠠᠯᠬᠢᠨ ᠠᠷᠪᠢᠨ᠂ ᠵᠢᠯ ᠳᠤ7 ᠲᠡᠰ ᠠᠴᠠ ᠳᠡᠭᠡᠭᠰᠢ ᠶᠡᠭᠡ ᠰᠠᠯᠬᠢᠨ ᠰᠠᠯᠬᠢᠯᠠᠬᠤ ᠡᠳᠦᠷ ᠳᠤᠮᠳᠠᠴᠢ ᠪᠠᠷ ᠪᠠᠷᠤᠭ24 ᠡᠳᠦᠷ ᠪᠤᠯᠤᠨ᠎ᠠ᠃

ᠬᠦᠢᠳᠡᠨ ᠬᠠᠯᠠᠭᠤᠨ ᠤ  ᠵᠦᠷᠢᠶ᠎ᠡ ᠶᠡᠭᠡ᠂ ᠡᠪᠦᠯ ᠤᠨ ᠤᠯᠠᠷᠢᠯ ᠤᠷᠳᠤ᠂ ᠮᠦᠰᠦ ᠬᠦᠯᠳᠡᠬᠦ ᠬᠤᠭᠤᠴᠠᠭ᠎ᠠ ᠪᠠᠷᠤᠭ150 ᠡᠳᠦᠷ᠃ ᠵᠢᠯ ᠤᠨ ᠳᠤᠮᠳᠠᠴᠢ ᠬᠤᠷ᠎ᠠ

ᠲᠤᠨᠤᠳᠠᠰᠤᠨ ᠤ ᠬᠡᠮᠵᠢᠶ᠎ᠡ ᠨᠢ 336 ᠮᠢᠯᠢᠮᠧᠲᠷ ᠶᠤᠮ᠃ ᠬᠤᠷ᠎ᠠ ᠲᠤᠨᠤᠳᠠᠰᠤᠨ ᠤ ᠡᠳᠦᠷ ᠴᠠᠭ ᠤᠨ ᠳᠠᠷᠬᠠᠯᠲᠠ ᠨᠢ ᠲᠡᠩᠴᠡᠭᠦᠡᠢ ᠦᠭᠡᠢ ᠪᠠᠶᠢᠳᠠᠭ᠂60% ᠠᠴᠠ

ᠳᠡᠭᠡᠭᠰᠢᠬᠢ ᠨᠢ7 ~9 ᠰᠠᠷ᠎ᠠ ᠳᠤ ᠲᠦᠪᠯᠡᠷᠡᠵᠡᠢ᠃ ᠵᠢᠯ ᠤᠨ ᠬᠤᠪᠢᠷᠠᠯᠲᠠ ᠶᠢᠨ ᠵᠦᠷᠢᠶ᠎ᠡ ᠨᠢ3.6 ᠳᠠᠬᠢᠨ ᠪᠤᠯᠤᠨ᠎ᠠ᠃ ᠭᠤᠤᠯ ᠤᠨ ᠡᠬᠢ ᠵᠢᠴᠢ ᠰᠠᠪᠠ ᠭᠠᠵᠠᠷ ᠢᠶᠠᠷ

ᠦᠷᠭᠦᠯᠵᠢ ᠰᠢᠷᠦᠭᠦᠨ ᠪᠤᠷᠤᠭᠠᠨ ᠤᠷᠣᠵᠣ᠂ ᠦᠶᠡᠷ ᠦᠶᠡᠷᠯᠡᠵᠦ ᠭᠠᠮᠰᠢᠭ ᠪᠤᠯᠳᠠᠭ᠃

       ᠨᠠᠢᠮᠠᠨ ᠶᠡᠭᠡ ᠬᠦᠨᠲᠡᠢ ᠶᠢᠨ ᠵᠡᠭᠦᠨ ᠠᠴᠠ ᠪᠠᠷᠠᠭᠤᠨᠰᠢ ᠡᠯ᠎ᠡ ᠬᠦᠨᠲᠡᠢ ᠶᠢᠨ ᠰᠠᠪᠠ ᠭᠠᠵᠠᠷ ᠤᠨ ᠡᠵᠡᠮᠰᠢᠵᠦ ᠪᠠᠶᠢᠭ᠎ᠠ ᠲᠠᠯᠠᠪᠠᠢ ᠪᠠᠷ ᠪᠤᠳᠤᠪᠠᠯ ᠪᠠᠷᠤᠭ110

ᠺᠢᠯᠤᠮᠧᠲᠷ ᠦᠷᠭᠡᠨ ᠠᠯᠤᠰᠯᠠᠵᠦ ᠪᠤᠢ᠃ ᠡᠨᠡ ᠨᠢ ᠪᠠᠷᠤᠭ ᠬᠠᠳᠤᠨ ᠭᠤᠤᠯ ᠳᠠᠭᠠᠦ ᠲᠠᠯ᠎ᠠ ᠭᠠᠵᠠᠷ ᠤᠨ ᠪᠦᠬᠦ ᠤᠷᠳᠤ ᠲᠠᠢ ᠲᠡᠩᠴᠡᠵᠦ ᠪᠠᠶᠢᠨ᠎ᠠ᠃  ᠨᠤᠲᠤᠭ ᠤᠨ ᠬᠦᠮᠦᠰ

 ᠨᠢ ᠡᠷᠳᠡ ᠤᠷᠢᠳᠤ ᠠᠴᠠ ᠠᠪᠤᠭᠠᠳ ᠦᠶᠡᠷ ᠤᠨ ᠤᠰᠤ ᠪᠠᠷ ᠲᠠᠷᠢᠶ᠎ᠠ ᠤᠰᠤᠯᠠᠵᠦ ᠪᠠᠶᠢᠪᠠ᠃ ᠴᠢᠯᠦᠭᠡᠯᠡᠭᠳᠡᠭᠰᠡᠨ ᠤ ᠳᠠᠷᠠᠭ᠎ᠠ᠂ ᠨᠠᠮ ᠪᠠ ᠵᠠᠰᠠᠭ ᠤᠨ ᠳᠡᠮᠵᠢᠯᠭᠡ ᠪᠠᠷ᠂

ᠦᠶᠡᠷ ᠤᠨ ᠤᠰᠤ ᠪᠠᠷ ᠲᠠᠷᠢᠶᠠᠨ ᠭᠠᠵᠠᠷ ᠤᠰᠤᠯᠠᠬᠤ᠂ ᠦᠶᠡᠷ   ᠤᠨ ᠤᠰᠤ ᠪᠠᠷ ᠡᠯᠡᠰᠦ ᠶᠢ ᠦᠭᠡᠷᠡᠴᠢᠯᠡᠬᠦ᠂ ᠦᠶᠡᠷ ᠤᠨ ᠤᠰᠤ ᠶᠢ ᠲᠤᠩᠭᠠᠵᠤ ᠬᠦᠷᠦᠰᠦ ᠰᠢᠷᠦᠢ ᠶᠢ

ᠦᠭᠡᠷᠡᠴᠢᠯᠡᠬᠦ᠂ ᠪᠡᠯᠴᠢᠭᠡᠷ ᠤᠰᠤ ᠪᠠᠨ ᠰᠠᠶᠢᠵᠢᠷᠠᠭᠤᠯᠬᠤ ᠵᠡᠷᠭᠡ ᠦᠢᠯᠡᠰ ᠢ ᠬᠦᠭᠵᠢᠭᠦᠯᠵᠡᠢ᠃ ᠡᠭᠦᠨ ᠠᠴᠠ ᠦᠵᠡᠭᠦ ᠳᠤ ᠨᠠᠢᠮᠠᠨ ᠬᠦᠨᠲᠠᠢ ᠨᠢ  ᠳᠠᠯᠠᠳ ᠬᠤᠰᠢᠭᠤᠨ ᠤ

ᠤᠢ ᠰᠢᠭᠤᠢ᠂ ᠮᠠᠯ ᠲᠠᠷᠢᠶᠠᠯᠠᠩ ᠤᠨ ᠦᠢᠯᠡᠳᠪᠦᠷᠢᠯᠡᠯ ᠲᠠᠢ ᠰᠠᠯᠤᠰᠢ ᠦᠭᠡᠢ ᠨᠢᠭᠲᠠ ᠬᠤᠯᠪᠤᠭᠲᠠᠯ ᠲᠠᠢ ᠶᠤᠮ᠃ ᠲᠡᠭᠦᠨᠴᠢᠯᠡᠨ ᠪᠠᠰᠠ ᠭᠠᠢ ᠭᠠᠮᠰᠢᠭ ᠠᠶᠤᠯ ᠵᠤᠪᠠᠯᠠᠩ

ᠤᠴᠠᠷᠠᠭᠤᠯᠳᠠᠭ ᠶᠠᠭ ᠠᠷᠠᠳ ᠤᠯᠠᠨ ᠤ ᠬᠡᠯᠡᠭᠰᠡᠨ ᠮᠡᠳᠦ ᠪᠠᠷ᠄ ︽ᠨᠠᠢᠮᠠᠨ ᠶᠡᠭᠡ ᠬᠦᠨᠲᠡᠢ᠂  ᠨᠢᠭᠡ ᠴᠤ ᠳᠤᠲᠠᠭᠳᠠᠵᠦ ᠪᠤᠯᠬᠤ ᠦᠭᠡᠢ᠂ ᠨᠠᠢᠮᠠᠭᠤᠯᠠ ᠪᠠᠨ ᠪᠠᠶᠢᠪᠠᠯ ᠪᠠᠰᠠ

ᠪᠤᠯᠬᠤ ᠦᠭᠡᠢ ᠨᠠᠷᠮᠠᠢ ᠵᠤᠪᠠᠯᠠᠩ ᠤᠴᠠᠷᠠᠭᠤᠯᠤᠨ᠎ᠠ︾᠃ ᠨᠠᠢᠮᠠᠨ ᠶᠡᠭᠡ ᠬᠦᠨᠲᠡᠢ ᠶᠢᠨ ᠤᠷᠤᠰᠬᠠᠯ ᠤᠨ ᠲᠠᠯᠠᠪᠠᠢ ᠨᠢ 5718 ᠬᠠᠪᠳᠠᠭᠠᠢ ᠲᠦᠷᠪᠡᠯᠵᠢᠨ ᠺᠢᠯᠤᠮᠧᠲᠷ ᠪᠠᠶᠢᠳᠠᠭ

᠃ ᠲᠡᠷᠡ ᠨᠢ ᠪᠦᠬᠦ ᠬᠤᠰᠢᠭᠤᠨ ᠤ 8200 ᠬᠠᠪᠳᠠᠭᠠᠢ ᠲᠦᠷᠪᠡᠯᠵᠢᠨ‌‍ᠺᠢᠯᠤᠮᠧᠲᠷ ᠨᠤᠳᠤᠭ ᠤᠨ69.7 % ᠶᠢ ᠡᠵᠡᠯᠡᠵᠦ ᠪᠤᠢ᠃ ᠨᠠᠢᠮᠠᠨ‌‍ᠶᠡᠭᠡ ᠬᠦᠨᠲᠡᠢ ᠨᠢ ᠳᠠᠯᠠᠳ

ᠬᠤᠰᠢᠭᠤᠨ ᠤ ᠤᠢ ᠰᠢᠭᠤᠢ ᠮᠠᠯ ᠲᠠᠷᠢᠶᠠᠯᠠᠩ ᠤᠨ ᠦᠢᠯᠡᠳᠪᠦᠷᠢᠯᠡᠯ ᠢ ᠨᠦᠯᠦᠭᠡᠯᠡᠬᠦ ᠪᠠᠷ ᠦᠯᠦ ᠪᠠᠷᠠᠮ᠂ ᠪᠠᠰᠠ ᠳᠠᠯᠠᠳ ᠬᠤᠰᠢᠭᠤᠨ ᠤ ᠤᠯᠤᠰ ᠠᠷᠠᠳ ᠤᠨ ᠠᠵᠤ ᠠᠬᠤᠢ

 ᠶᠢᠨ ᠬᠦᠭᠵᠢᠯᠲᠡ ᠳᠤ ᠲᠤᠩ ᠴᠢᠬᠤᠯᠠ ᠪᠠᠶᠢᠷᠢ ᠰᠠᠭᠤᠷᠢ ᠶᠢ ᠡᠵᠡᠯᠡᠵᠦ ᠪᠠᠶᠢᠨ᠎ᠠ᠃

ᠢᠷᠡᠯᠲᠡ᠄ ︽ᠳᠠᠯᠠᠳ ᠤᠨ ᠰᠤᠶᠤᠯ ᠲᠡᠦᠬᠡ︾ ᠭᠡᠬᠦ ᠨᠤᠮ ᠠᠴᠠ ᠪᠠᠭᠤᠯᠭᠠᠪᠠ᠃