ᠵᠤᠤ  ᠵᠢᠶᠦ᠋ᠨ ᠤ ᠤᠩᠭᠤᠨ
ᠨᠡᠶᠢᠲᠡᠯᠡᠭᠰᠡᠨ ᠴᠠᠭ᠄
2018/5/7

        ︽ᠵᠤᠤ ᠵᠢᠶᠦ᠋ᠨ ᠤ ᠤᠩᠭᠤᠨ︾   ᠨᠢ ᠳᠠᠯᠠᠳ ᠬᠤᠰᠢᠭᠤᠨ ᠤ ᠪᠠᠷᠠᠭᠤᠨ ᠭᠡᠰᠡᠭ ᠲᠠᠬᠢ ᠵᠤᠤ ᠵᠢᠦ᠋ᠨ ᠹᠧᠨ ᠳᠤ ᠪᠠᠶᠢᠨ᠎ᠠ᠃ ᠤᠮᠠᠷ᠎ᠠ ᠪᠠᠨ ᠬᠠᠳᠤᠨ ᠭᠤᠤᠯ᠂

ᠡᠮᠦᠨ᠎ᠡ ᠪᠠᠨ ᠡᠯ ᠭᠸᠦ ᠸᠠᠨ ᠳᠤᠰᠬᠤᠨ ᠲᠠᠢ ᠵᠠᠯᠭᠠᠯᠳᠣᠵᠤ ᠪᠤᠢ᠃ ᠱᠠᠭᠵᠠᠮᠤᠨᠢ ᠪᠠᠯᠭᠠᠰᠤ ᠠᠴᠠ45ᠺᠢᠯᠤᠮᠧᠲᠷ ᠵᠠᠶᠢᠲᠠᠢ ᠪᠠᠶᠢᠳᠠᠭ᠃

        ︽ᠵᠤᠤ ᠵᠢᠶᠦ᠋ᠨ ᠤ ᠤᠩᠭᠤᠨ︾ ᠪᠤᠯ ᠨᠢᠭᠡᠨ‌‍ᠪᠦ᠋ᠭᠡᠷᠡᠩᠬᠡᠢ ᠤᠷᠳᠤ ᠬᠡᠯᠪᠡᠷᠢᠲᠡᠢ ᠳᠤᠪᠤᠴᠠᠭ ᠠᠭᠤᠯᠠ ᠶᠤᠮ᠃ ᠤᠷᠳᠤ ᠪᠠᠷ ᠨᠢ2.5ᠺᠢᠯᠤᠮᠧᠲᠷ᠂ ᠦᠷᠭᠡᠨ ᠢᠶᠠᠷ

 ᠢᠶᠠᠨ1ᠺᠢᠯᠤᠮᠧᠲᠷ ᠬᠢᠷᠢᠲᠡᠢ ᠪᠠᠶᠢᠳᠠᠭ᠃ ᠠᠭᠤᠯᠠ ᠶᠢᠨ ᠤᠷᠭᠢᠯ ᠨᠢ ᠭᠠᠵᠠᠷ ᠤᠨ ᠳᠦᠪᠰᠢᠨ ᠠᠴᠠ ᠰᠤᠭᠤᠷᠠᠨ ᠭᠠᠷᠤᠭᠰᠠᠨ ᠮᠡᠳᠦ᠂ ᠬᠠᠳᠤᠨ ᠭᠤᠤᠯ ᠤᠨ ᠡᠷᠭᠢ ᠳᠤ  

ᠰᠦᠨᠳᠦᠷᠯᠡᠨ ᠰᠡᠬᠦᠶᠢᠵᠦ ᠠᠤᠭ᠎ᠠ ᠰᠦᠷᠯᠢᠭ ᠦᠵᠡᠭᠳᠡᠨ᠎ᠡ᠃ ᠠᠭᠤᠯᠠᠨ ᠤᠷᠭᠢᠯ ᠨᠢ ᠪᠤᠷᠵᠢᠨ ᠢᠯᠳᠠᠰᠤᠨ ᠴᠢᠯᠠᠭᠤᠯᠢᠭ᠂ ᠠᠭᠤᠯᠠᠨ ᠪᠠᠯ ᠨᠢ ᠴᠤᠬᠤᠢ ᠶᠢᠨ ᠴᠢᠯᠠᠭᠤ ᠪᠠᠷ

ᠳᠤᠰ ᠳᠤᠰ ᠪᠦᠷᠢᠯᠳᠦᠵᠡᠢ᠃ ︽ᠪᠤᠭᠤᠳᠤ ᠶᠢᠨ ᠲᠡᠦᠬᠡᠨ ᠮᠠᠲ᠋ᠧᠷᠢᠶᠠᠯ ᠤᠨ ᠴᠤᠮᠤᠷᠯᠢᠭ︾ ᠳᠤ ᠬᠡᠯᠡᠭᠰᠡᠨ ᠢ ᠦᠨᠳᠦᠰᠦᠯᠡᠪᠡᠯ᠂ ︽ᠺᠧᠮᠪᠷᠢ ᠶᠢᠨ ᠦᠶ᠎ᠡ ᠶᠢᠨ ᠲᠠᠯᠠᠢ ᠶᠢᠨ

ᠦᠯᠡᠳᠡᠭᠳᠡᠯ︾ ᠲᠠᠢ ᠠᠳᠠᠯᠢ᠃ ᠲᠤᠰ ᠠᠭᠤᠯᠠ ᠶᠢ  ︽ᠵᠤᠤ ᠵᠢᠶᠦ᠋ᠨ ᠤ ᠤᠩᠭᠤᠨ︾ ᠬᠡᠮᠡᠬᠦ ᠤᠯᠠᠮᠵᠢᠯᠠᠯᠲᠤ ᠶᠠᠷᠢᠶ᠎ᠠ ᠲᠠᠢ ᠪᠦᠭᠡᠳ ᠨᠡᠯᠢᠶᠡᠳ ᠤᠳᠠᠭᠠᠨ ᠤᠨ ᠤ ᠲᠡᠦᠬᠡ

 ᠲᠠᠢ᠃ ︽ᠵᠤᠤ ᠵᠢᠶᠦ᠋ᠨ ᠤ ᠤᠩᠭᠤᠨ︾ ᠭᠡᠵᠦ ᠨᠡᠷᠡᠶᠢᠳᠦᠭᠰᠡᠨ ᠴᠠᠭ ᠬᠤᠭᠤᠴᠠᠭ᠎ᠠ ᠪᠤᠯᠤᠨ ᠢᠷᠡᠯᠲᠡ ᠰᠢᠯᠲᠠᠭᠠᠨ ᠢ ᠨᠢ ᠤᠳᠤ ᠨᠢᠭᠡᠨᠲᠡ ᠪᠠᠶᠢᠴᠠᠭᠠᠬᠤ ᠶᠢᠨ ᠠᠷᠭ᠎ᠠ ᠦᠭᠡᠢ

        ᠲᠤᠰ ᠠᠭᠤᠯᠠ ᠶᠢᠨ ᠵᠡᠭᠦᠨ ᠬᠤᠶᠢᠲᠤ ᠲᠠᠯ᠎ᠠ ᠳᠤ ᠨᠢ ᠪᠠᠷᠤᠭ ᠬᠤᠶᠠᠷ ᠺᠢᠯᠤᠮᠧᠲᠷ ᠵᠠᠶᠢᠲᠠᠢ ᠭᠠᠵᠠᠷ ᠲᠤ ᠬᠠᠳᠤᠨ ᠭᠤᠤᠯ ᠤᠨ ᠤᠯᠤᠮ ᠪᠠᠶᠢᠳᠠᠭ᠃ ᠡᠭᠦᠨ ᠢ ︽

ᠵᠤᠤ ᠵᠢᠶᠦ᠋ᠨ ᠤ ᠤᠯᠤᠮ︾ ᠭᠡᠳᠡᠭ᠃ ︽ᠪᠤᠭᠤᠳᠤ ᠶᠢᠨ ᠲᠡᠦᠬᠡ ᠵᠢᠨ‌ᠮᠠᠲ᠋ᠧᠷᠢᠶᠠᠯ ᠤᠨ ᠴᠤᠮᠤᠷᠯᠢᠭ︾ ᠤᠨ ᠳᠡᠮᠲᠡᠭᠯᠡᠯ ᠢ ᠦᠨᠳᠦᠰᠦᠯᠡᠪᠡᠯ᠄ ︽ᠲᠤᠰ ᠭᠠᠵᠠᠷ ᠤᠨ ᠪᠠᠶᠢᠴᠠ

 ᠨᠢ ᠢᠳᠡᠭᠳᠡᠯ ᠤᠪᠤᠭᠠᠯᠠᠭᠰᠠᠨ ᠬᠡᠯᠪᠡᠷᠢ ᠶᠢᠨ ᠭᠠᠵᠠᠷ ᠲᠤ ᠲᠤᠭᠠᠴᠠᠭᠳᠠᠨ᠎ᠠ ᠭᠡᠳᠡᠭ᠃ ᠵᠡᠭᠦᠨ ᠬᠤᠶᠢᠨ᠎ᠠ ᠪᠠᠨ ᠬᠠᠳᠤᠨ ᠭᠤᠤᠯ ᠤᠨ ᠡᠷᠭᠢ   ᠲᠠᠢ ᠨᠢᠭᠤᠷᠠᠯᠳᠤᠭᠰᠠᠨ ᠰᠢ

ᠳ᠋ᠤᠤ ᠸᠠᠨ ᠬᠤᠰᠢᠭᠤ ᠪᠤᠯ ᠭᠠᠵᠠᠷ ᠤᠨ ᠰᠤᠳᠠᠰᠤ ᠵᠠᠯᠭᠠᠯᠳᠤᠭᠰᠠᠨ ᠠᠳᠠᠯᠢ ᠪᠤᠳᠤᠴᠠ ᠲᠠᠢ᠃ ᠳᠡᠭᠡᠷ᠎ᠡ ᠲᠠᠯ᠎ᠠ ᠳᠠᠬᠢ ᠲᠦᠷᠪᠡᠳᠦᠭᠴᠢ ᠭᠠᠯᠠᠪ ᠤᠨ ᠲᠤᠨᠤᠮᠠᠯ ᠳᠠᠪᠬᠤᠷᠭ᠎ᠠ ᠪᠠᠷ

ᠪᠦᠷᠬᠦᠭᠳᠡᠵᠦ ᠪᠠᠶᠢᠵᠠᠢ᠃ ᠰᠡᠭᠦᠯᠡᠷ ᠨᠢ ᠬᠠᠳᠤᠨ ᠭᠤᠤᠯ ᠤᠨ ᠤᠰᠤ ᠪᠠᠷ ᠤᠬᠢᠶᠠᠭᠳᠠᠨ ᠤᠨᠠᠭᠰᠠᠨ ᠤ ᠳᠠᠷᠠᠭ᠎ᠠ᠂ ᠪᠤᠷᠵᠢᠨ ᠴᠢᠯᠠᠭᠤ ᠶᠢᠨ ᠢᠷᠤᠭᠠᠷ ᠭᠠᠷᠴᠤ ᠢᠷᠡᠭᠡᠳ

ᠤᠰᠤᠨ ᠵᠠᠮ ᠳᠠᠷᠤᠢ ᠡᠨᠡᠭᠦᠷ ᠦᠩᠭᠡᠷᠡᠵᠦ ᠪᠠᠶᠢᠳᠠᠭ᠃ ᠬᠠᠳᠤᠨ ᠭᠤᠤᠯ ᠤᠨ ᠤᠰᠤᠨ ᠵᠠᠮ ᠨᠢ ᠠᠳᠡ ᠠᠴᠠ ᠠᠪᠤᠭᠠᠳ ᠤᠯᠠᠨ ᠬᠤᠪᠢᠷᠠᠯᠲᠠ ᠲᠠᠢ ᠪᠠᠶᠢᠳᠠᠯ ᠤᠳᠤ

ᠪᠤᠯᠲᠠᠯ᠎ᠠ ᠬᠤᠪᠢᠷᠠᠭᠰᠠᠨ ᠦᠭᠡᠢ᠂ ᠡᠶᠢᠮᠦ ᠠᠴᠠ ᠬᠠᠳᠤᠨ ᠭᠤᠤᠯ ᠤᠨ ᠴᠢᠬᠤᠯᠠ ᠪᠤᠯᠬᠤ ᠤᠯᠤᠮ ᠪᠤᠯ ᠤᠮᠠᠷᠠᠳᠤ ᠸᠧᠢ ᠤᠯᠤᠰ ᠤᠨ ᠦᠶ᠎ᠡ ᠳᠠᠬᠢ ︵金津度口︶

ᠪᠤᠯᠤᠨ᠎ᠠ᠃ ᠬᠤᠯᠪᠤᠭᠲᠠᠯ ᠪᠦᠬᠦᠢ ᠲᠡᠦᠬᠡ ᠶᠢᠨ ᠮᠠᠲ᠋ᠧᠷᠢᠶᠠᠯ ᠢ ᠦᠨᠳᠦᠰᠦᠯᠡᠪᠡᠯ ᠬᠠᠨ ᠤᠯᠤᠰ ᠤᠨ ᠬᠠᠭᠠᠨ ᠤ ᠨᠡᠷᠡᠳᠤ ᠰᠤᠯᠠ ᠬᠠᠳᠤᠨ ᠵᠤᠤ ᠵᠢᠶᠦ᠋ᠨ ᠠᠷᠤ ᠭᠠᠵᠠᠷ

ᠢᠷᠡᠵᠦ ᠠᠮᠢᠳᠤᠷᠠᠬᠤ ᠳᠠᠭᠠᠨ ᠡᠨᠡ ᠤᠯᠤᠮ ᠢᠶᠠᠷ ᠦᠩᠭᠡᠷᠡᠭᠰᠡᠨ ᠭᠡᠳᠡᠭ᠃

      ︽ᠵᠤᠤ ᠵᠢᠶᠦ᠋ᠨ ᠤ ᠤᠩᠭᠤᠨ︾   ᠤ ᠡᠮᠦᠨ᠎ᠡ ᠲᠠᠯ᠎ᠠ ᠪᠠᠷ ᠵᠠᠯᠭᠠᠯᠳᠤᠵᠤ ᠪᠠᠶᠢᠭ᠎ᠠ‌ᠡᠯ ᠭᠸᠦ ᠸᠠᠨ ᠳᠤᠰᠬᠤᠨ ᠪᠤᠯ ᠨᠢᠭᠡᠨ ᠡᠷᠳᠡᠨ ᠤ ᠬᠤᠳᠠᠨ ᠤ ᠪᠠᠭᠤᠷᠢ ᠪᠠᠶᠢᠵᠠᠢ᠃

ᠡᠨᠡ ᠬᠤᠲᠠ ᠤᠷᠳᠤ ᠪᠠᠷ ᠢᠶᠠᠨ ᠵᠡᠭᠦᠨᠰᠢ ᠪᠠᠷᠠᠭᠤᠨᠰᠢ980 ᠮᠧᠲᠷ ᠬᠢᠷᠢᠲᠠᠢ ᠶᠤᠮ᠃ ᠦᠷᠭᠡᠨ ᠢᠶᠠᠷ ᠢᠶᠠᠨ ᠡᠮᠦᠨᠡᠰᠢ ᠤᠮᠠᠷᠠᠰᠢ ᠨᠡᠪᠳᠡᠷᠡᠭᠰᠡᠨ ᠬᠡᠷᠡᠮ ᠪᠠᠶᠢᠵᠤ᠂ ᠬᠤᠲᠠ

 ᠶᠢ ᠵᠡᠭᠦᠨ ᠪᠠᠷᠠᠭᠤᠨ ᠬᠤᠶᠠᠷ ᠭᠡᠰᠡᠭᠯᠡᠨ ᠬᠤᠪᠢᠶᠠᠪᠠ᠃ ᠬᠤᠲᠠ ᠶᠢᠨ ᠬᠡᠷᠡᠮ ᠤᠨ ᠪᠠᠷᠠᠭᠤᠨ ᠬᠤᠶᠢᠳᠤ ᠭᠡᠰᠡᠭ ᠢ ᠬᠠᠮᠠᠭᠠᠯᠠᠭᠰᠠᠨ ᠢᠶᠠᠷ ᠨᠡᠯᠢᠶᠡᠳ ᠰᠠᠶᠢᠨ᠃ ᠦᠯᠡᠳᠡᠭᠳᠡᠯ

ᠬᠡᠷᠡᠮ ᠤᠨ ᠦᠨᠳᠦᠷ ᠨᠢ3.5 ᠮᠧᠲᠷ᠂ ᠦᠷᠭᠡᠨ ᠨᠢ7 ᠮᠧᠲᠷ᠃ ᠲᠡᠷᠡ ᠨᠢ ᠰᠢᠪᠡᠷ ᠬᠡᠷᠡᠮ ᠪᠦᠭᠡᠳ ᠳᠠᠪᠬᠤᠷᠭ᠎ᠠ ᠨᠢ ᠶᠡᠭᠡ ᠳᠤᠳᠤᠷᠬᠠᠢ᠂ ᠳᠠᠪᠬᠤᠷᠭ᠎ᠠ ᠪᠦᠷᠢ ᠨᠢ 9

—11 ᠰᠡᠨᠲ᠋ᠢᠮᠧᠲᠷ᠂ ᠵᠡᠭᠦᠨ ᠬᠤᠲᠠ ᠶᠢᠨ ᠬᠡᠷᠡᠮ ᠤᠨ ᠦᠯᠡᠳᠡᠭᠳᠡᠯ ᠶᠠᠭᠤ ᠴᠤ ᠦᠭᠡᠢ ᠪᠤᠯᠠᠢ᠃ ᠬᠤᠲᠠ ᠶᠢᠨ ᠪᠠᠷᠠᠭᠤᠨ ᠬᠤᠶᠢᠳᠤ ᠦᠨᠴᠦᠭ ᠲᠤ ᠪᠠᠰᠠ ᠨᠢᠭᠡᠨ136

ᠮᠧᠲᠷ ᠤᠷᠳᠤ ᠬᠤᠲᠠ ᠶᠢᠨ ᠬᠡᠷᠡᠮ ᠤᠨ ᠦᠯᠡᠳᠡᠭᠳᠡᠯ ᠪᠤᠢ᠃ ᠬᠤᠲᠠ ᠵᠢᠨ‌‍ᠲ᠋ᠤᠮᠳᠠᠬᠢ ᠭᠠᠵᠠᠷ ᠤᠨ ᠬᠦᠷᠦᠰᠦ ᠠᠴᠠ ᠠᠪᠤᠭᠠᠳ ᠭᠠᠵᠠᠷ ᠪᠤᠯᠭᠠᠨ ᠳᠤ ᠴᠤᠬᠤᠢ ᠸᠠᠭᠠᠷ ᠤᠨ

ᠬᠡᠮᠬᠡᠳᠡᠭ ᠪᠤᠯᠤᠨ ᠳᠡᠭᠡᠰᠦᠨ ᠤᠷᠤ ᠮᠦᠷ ᠲᠠᠢ᠂ ᠪᠦᠳᠦᠭᠦᠯᠢᠭ ᠪᠦᠰ ᠤᠨ ᠰᠢᠷᠬᠡᠭᠲᠤ ᠸᠠᠭᠠᠷ ᠤᠨ ᠬᠡᠮᠬᠡᠳᠡᠭ ᠪᠠᠶᠢᠨ᠎ᠠ᠃ ᠬᠠᠩᠭᠠᠨ ᠪᠤᠷᠤᠯᠠᠭᠤᠯᠬᠤ ᠬᠤᠷᠰᠢᠶ᠎ᠠ ᠶᠢᠨ ᠬᠢᠨ ᠤ

ᠵᠡᠰ ᠬᠤᠳᠠᠯᠳᠤᠨ ᠠᠪᠤᠭᠰᠠᠨ ᠪᠦᠷᠢᠳᠬᠡᠯ ᠢ ᠦᠨᠳᠦᠰᠦᠯᠡᠪᠡᠯ᠄1961 —1962 ᠤᠨ ᠤ ᠬᠤᠭᠤᠷᠤᠨᠲᠤ ᠤᠯᠠᠨ ᠲᠦᠮᠡᠨ ᠤ ᠬᠤᠳᠠᠯᠳᠤᠭᠰᠠᠨ ᠬᠠᠶᠠᠭᠳᠠᠮᠠᠯ ᠵᠡᠰ ᠬᠤᠶᠠᠷ

ᠲᠤᠨ ᠬᠦᠷᠴᠡᠢ᠃ ᠡᠩ ᠤᠨ ᠵᠢᠯ ᠳᠤ ᠴᠦ ᠪᠠᠰᠠ ᠬᠤᠶᠠᠷ ᠵᠠᠭᠤ ᠭᠠᠷᠤᠢ ᠵᠢᠩ ᠬᠤᠳᠠᠯᠳᠤᠨ ᠠᠪᠳᠠᠭ ᠪᠠᠶᠢᠪᠠ  ᠃ ᠡᠭᠦᠨ ᠳᠤ ᠬᠤᠶᠠᠷ ᠦᠰᠦᠭᠲᠤ ᠭᠠᠦᠯᠢᠨ ᠵᠤᠭᠤᠰ

ᠪᠤᠯᠤᠨ ᠳᠦᠷᠪᠡᠨ ᠦᠰᠦᠭᠲᠤ ᠭᠠᠦᠯᠢᠨ ᠵᠤᠭᠤᠰ ᠪᠠ ᠪᠦᠰ ᠵᠤᠭᠤᠰ ︵ᠪᠦᠰ ᠳᠡᠭᠡᠷ᠎ᠡ ᠳᠠᠷᠤᠮᠠᠯᠯᠠᠭᠰᠠᠨ︶᠂ ᠬᠢᠳᠤᠭ᠎ᠠ ᠶᠢᠨ ᠬᠡᠯᠪᠡᠷᠢᠳᠤ ᠵᠤᠭᠤᠰ ᠪᠤᠯᠤᠨ᠎ᠠ᠃ ᠪᠤᠭᠤᠲᠤ ᠶᠢᠨ

ᠲᠡᠦᠬᠡᠨ ᠮᠠᠲ᠋ᠧᠷᠢᠶᠠᠯ ᠤᠨ ᠴᠤᠮᠤᠷᠯᠢᠭ ᠲᠤ ᠬᠡᠯᠡᠭᠰᠡᠨ ᠢ ᠦᠨᠳᠦᠰᠦᠯᠡᠪᠡᠯ᠄ ᠬᠤᠶᠠᠷ ᠦᠰᠦᠭᠲᠦ ᠭᠠᠦᠯᠢᠨ ᠵᠤᠭᠤᠰ ᠪᠤᠯ ᠬᠠᠨ ᠤᠯᠤᠰ ᠤᠨ ᠦᠶ᠎ᠡ ᠳᠠᠬᠢ ᠳᠠᠪᠤᠨ ᠬᠡᠯᠬᠢᠶ᠎ᠡ

ᠵᠤᠭᠤᠰ ︵五株︶᠂ ᠳᠦᠷᠪᠡᠨ ᠦᠰᠦᠭᠲᠤ ᠭᠠᠦᠯᠢᠨ ᠵᠤᠭᠤᠰ ᠨᠢ ᠲᠠᠩ ᠤᠯᠤᠰ ᠤᠨ ᠦᠶ᠎ᠡ ᠶᠢᠨ ᠵᠤᠭᠤᠰ ᠭᠡᠳᠡᠭ᠃  ᠡᠭᠦᠨ ᠠᠴᠠ ᠭᠠᠳᠠᠨ᠎ᠠ ᠪᠠᠰᠨ ᠵᠡᠰ ᠲᠤᠯᠢ᠂

ᠵᠡᠰ ᠬᠢᠳᠤᠭ᠎ᠠ ᠡᠯ᠎ᠡ ᠵᠦᠢᠯ ᠤᠨ ᠵᠡᠰ ᠲᠠᠸᠠᠷ ᠢ ᠬᠤᠳᠠᠯᠳᠤᠨ ᠠᠪᠴᠠᠢ᠃ ᠡᠳᠡᠭᠡᠷ ᠶᠠᠭᠤᠮ᠎ᠠ ᠪᠤᠯ ᠴᠦᠮ ᠦᠨ᠎ᠡ ᠴᠠᠨ᠎ᠠ ᠲᠠᠢ ᠲᠡᠦᠬᠡᠨ ᠳᠤᠷᠠᠰᠬᠠᠯᠳᠤ ᠵᠦᠢᠯ ᠪᠤᠯᠤᠨ᠎ᠠ᠃

ᠬᠠᠷᠠᠮᠰᠠᠯᠲᠠᠢ ᠨᠢ ᠲᠤᠬᠠᠢ ᠶᠢᠨ ᠦᠶᠡᠰ ᠬᠠᠮᠢᠶᠠᠷᠬᠤ ᠬᠦᠮᠦᠨ ᠦᠭᠡᠢ ᠪᠤᠯᠬᠤᠷ ᠴᠦᠮ ᠬᠠᠶᠠᠭᠳᠠᠮᠠᠯ ᠵᠡᠰ ᠢᠶᠠᠷ  ᠬᠤᠳᠠᠯᠳᠤᠴᠢᠪᠠ᠃ ᠡᠭᠦᠨ ᠠᠴᠠ ᠭᠠᠳᠠᠨ᠎ᠠ ᠬᠤᠲᠠ ᠶᠢᠨ

ᠳᠤᠳᠤᠷ᠎ᠠ ᠭᠠᠳᠠᠨᠠᠬᠢ ᠠᠭᠤᠯᠠ ᠶᠢᠨ ᠬᠠᠵᠠᠭᠤ ᠳᠤ ᠤᠯᠠᠨ ᠤᠩᠭᠤᠨ ᠢᠯᠡᠷᠡᠪᠡ᠃ ᠤᠩᠭᠤᠨ ᠤ ᠦᠷᠭᠡᠨ ᠨᠢ ᠨᠢᠭᠡ ᠮᠧᠲᠷ ᠪᠦᠭᠡᠳ ᠳᠤᠳᠣᠷ᠎ᠠ ᠨᠢ ᠶᠡᠭᠡ ᠬᠡᠮᠵᠢᠶᠡᠨ ᠤ

ᠭᠠᠭ᠋ᠠᠢ  ᠢᠮᠠᠭᠠᠨ ᠶᠠᠰᠤ ᠪᠠᠶᠢᠪᠠ᠃1958 —1959 ᠤᠨ ᠤ ᠬᠤᠭᠤᠷᠤᠨᠳᠤ ᠨᠡᠶᠢᠲᠡ ᠵᠭᠤ ᠭᠠᠷᠦᠢ ᠲᠦᠮᠡᠨ ᠵᠢᠩ ᠶᠠᠰᠤ ᠮᠠᠯᠳᠠᠨ ᠭᠠᠷᠭᠠᠪᠠ᠃ ᠨᠢᠭᠡᠨ ᠬᠠᠭᠤᠴᠢᠨ

ᠬᠤᠲᠠ ᠠᠴᠠ ᠡᠶᠢᠮᠦ ᠤᠯᠠᠨ ᠠᠮᠢᠳᠠᠨ ᠤ ᠶᠠᠰᠤ ᠢᠯᠡᠷᠡᠭᠰᠡᠨ ᠨᠢ ᠦᠨᠡᠭᠡᠷ ᠬᠤᠪᠤᠷ ᠦᠵᠡᠭᠳᠡᠯ ᠶᠤᠮ᠃ ᠡᠨᠡ ᠨᠢ ᠨᠢᠭᠡᠨ ᠬᠤᠲᠠ ᠶᠢᠨ ᠬᠦᠮᠦᠨ ᠤᠯᠠᠨ ᠰᠠᠭᠤᠵᠦ ᠪᠠᠶᠢᠭᠰᠠᠨ

 ᠢ ᠳᠤᠳᠤᠷᠬᠠᠶᠢᠯᠠᠵᠤ ᠪᠠᠶᠢᠬᠤ ᠶᠢᠨ ᠬᠠᠮᠳᠤ᠂ ᠡᠨᠡ ᠬᠤᠲᠠ ᠪᠤᠯ ᠬᠠᠳᠤᠨ ᠭᠤᠤᠯ ᠤᠨ ᠤᠯᠤᠮ ᠤᠷᠴᠢᠮ ᠪᠠᠶᠢᠳᠠᠭ ᠭᠡᠰᠡᠨ ᠢ ᠬᠠᠷᠠᠭᠤᠯᠪᠠ᠃

       ᠡᠭᠦᠨ ᠠᠴᠠ ᠦᠵᠡᠬᠦ ᠳᠤ  ᠡᠷᠳᠡ ᠤᠷᠢᠳᠤ ᠠᠵᠤ ᠠᠬᠤᠢ ᠴᠡᠴᠡᠭᠯᠡᠨ ᠬᠦᠭᠵᠢᠭᠰᠡᠨ ᠴᠠᠭ ᠦᠶ᠎ᠡ ᠭᠠᠷᠴᠦ ᠦᠩᠭᠡᠷᠡᠪᠡ᠃ ︽ᠪᠤᠭᠤᠳᠤ ᠶᠢᠨ ᠲᠡᠦᠬᠡᠨ ᠮᠠᠲ᠋ᠧᠷᠢᠶᠠᠯ

 ᠤᠨ ᠴᠤᠮᠤᠷᠯᠢᠭ︾ ᠲᠤ ᠬᠡᠯᠡᠭᠰᠡᠨ ᠪᠠ ︽ᠱᠦᠢ ᠵᠢᠩ ᠵᠤ᠋︾ ᠳᠠᠬᠢ ᠳᠡᠮᠳᠡᠭᠯᠡᠯ ᠢ ᠦᠨᠳᠦᠰᠦᠯᠡᠪᠡᠯ᠂ ᠡᠨᠡ ᠬᠤᠲᠠ ᠪᠤᠯ ᠬᠠᠨ ᠤᠯᠤᠰ ᠤᠨ ᠦᠶ᠎ᠡ ᠶᠢᠨ ᠡᠾᠧ ᠶᠢᠨ ᠰᠢᠶᠠᠨ

 ᠤ ᠬᠤᠲᠠ ᠪᠤᠯᠤᠯᠲᠠᠢ᠃

        ︽ᠵᠤᠤ ᠵᠢᠶᠦ᠋ᠨ ᠹᠧᠨ︾ ᠤ ᠪᠠᠷᠠᠭᠤᠨ ᠡᠮᠦᠨ᠎ᠡ ᠪᠠᠷᠤᠭ4ᠺᠢᠯᠤᠮᠧᠲᠷ ᠵᠠᠶᠢᠲᠠᠢ ᠴᠧᠩ ᠭᠤᠸᠠᠢ ᠼᠦᠨ ᠳᠤ ᠪᠠᠰᠠ ᠨᠢᠭᠡᠨ ᠡᠷᠳᠡᠨ ᠤ ᠬᠤᠲᠠ ᠶᠢᠨ ᠰᠠᠭᠤᠷᠢ ᠪᠤᠢ

᠃ ᠪᠦᠬᠦ ᠬᠤᠲᠠ ᠪᠠᠷᠤᠭ ᠲᠠᠪᠢᠭᠠᠳ ᠮᠧᠲᠷ ᠤᠨ ᠬᠡᠪᠴᠢᠶᠡᠨ ᠤ ᠰᠢᠷᠦᠢ ᠪᠠᠷ ᠪᠠᠷᠢᠭᠰᠠᠨ ᠬᠡᠷᠡᠮ ᠪᠦᠭᠡᠳ ᠪᠠᠷᠠᠭᠤᠨ ᠲᠠᠯ᠎ᠠ ᠶᠢᠨ ᠬᠡᠷᠡᠮ ᠯᠠ ᠦᠯᠡᠳᠡᠵᠦ ᠪᠤᠢ᠃ ᠡᠪᠳᠡᠷᠬᠡᠢ

ᠬᠡᠷᠡᠮ ᠨᠢ ᠪᠠᠷᠤᠭ3 ᠮᠧᠲᠷ ᠦᠨᠳᠦᠷ ᠪᠤᠢ᠃ ᠲᠤᠰ ᠬᠤᠲᠠ ᠠᠴᠠ ᠮᠠᠯᠳᠠᠨ ᠤᠯᠤᠭᠰᠠᠨ ᠲᠡᠦᠬᠡᠨ ᠳᠤᠷᠠᠰᠬᠠᠯᠳᠦ ᠵᠦᠢᠯ ᠨᠢ ᠡᠷᠳᠡᠨ ᠤ ᠬᠤᠲᠠ ᠡᠯ ᠭᠸᠦ ᠸᠠᠨ ᠲᠠᠢ ᠠᠳᠠᠯᠢ

᠃ ᠤᠯᠠᠨ ᠲᠦᠮᠡᠨ ᠤ ᠲᠠᠨᠢᠯᠴᠠᠭᠤᠯᠭ᠎ᠠ ᠶᠢ ᠦᠨᠳᠦᠰᠦᠯᠡᠪᠡᠯ᠄ ᠲᠤᠰ ᠭᠠᠵᠠᠷ ᠠᠴᠠ ᠨᠢᠭᠡᠨ ᠡᠷᠳᠡᠨ ᠤ ᠪᠤᠩᠬᠤᠨ ᠢ ᠠᠭᠤᠳᠠᠯᠠᠵᠤ ᠭᠠᠷᠭᠠᠪᠠ᠃ ᠪᠤᠩᠬᠤᠨ ᠤ ᠳᠤᠳᠤᠷ᠎ᠠ

ᠨᠢᠭᠡᠨ ᠪᠠᠭᠠᠳᠤᠷ ᠡᠷ᠎ᠡ ᠶᠢᠨ ᠬᠤᠶᠠᠭ ᠳᠤᠭᠤᠯᠭ᠎ᠠ ᠪᠠᠶᠢᠭᠰᠠᠨ ᠭᠡᠨ᠎ᠡ᠂ ᠭᠡᠪᠡᠴᠦ ᠤᠳᠤ ᠨᠢᠭᠡᠨᠲᠡ ᠤᠷᠤ ᠮᠦᠷ ᠦᠭᠡᠢ ᠭᠡᠭᠡᠭᠳᠡᠪᠡ᠃ ᠡᠭᠦᠨ ᠠᠴᠠ ᠭᠠᠳᠠᠨ᠎ᠠ  ︽ᠪᠤᠭᠤᠳᠤ

 ᠶᠢᠨ ᠲᠡᠦᠬᠡᠨ ᠮᠠᠲ᠋ᠧᠷᠢᠶᠠᠯ ᠤᠨ ᠴᠤᠮᠤᠷᠯᠢᠭ︾ ᠲᠤ ᠬᠡᠯᠡᠭᠰᠡᠨ ᠢ ᠦᠨᠳᠦᠰᠦᠯᠡᠪᠡᠯ᠄ ︽᠂᠂᠂᠂ ᠨᠢᠭᠡᠨ ᠪᠦᠷᠢᠨ ᠪᠦᠳᠦᠨ ᠸᠠᠭᠠᠷ ᠤᠨ ᠳᠡᠪᠦᠷ᠎ᠡ ᠤᠯᠵᠠᠢ ᠭᠡᠨ᠎ᠡ᠃ ᠲᠡᠭᠦᠨ ᠤ

ᠦᠨᠳᠦᠷ ᠨᠢ23.6 ᠳ᠋ᠢᠽᠢᠮᠧᠲᠷ᠂ ᠠᠮᠠᠰᠠᠷ ᠨᠢ4 ᠳ᠋ᠢᠽᠢᠮᠧᠲᠷ  ᠂  ᠨᠠᠷᠢᠨ ᠬᠦᠵᠦᠭᠦᠦ ᠲᠠᠢ᠂ ᠪᠦᠳᠦᠭᠦᠨ ᠭᠡᠰᠡᠭ ᠨᠢ19.2 ᠳ᠋ᠢᠽᠢᠮᠧᠲᠷ᠂ ᠪᠦᠳᠦᠭᠦᠨ ᠭᠡᠰᠡᠭ ᠤᠨ ᠬᠤᠶᠠᠷ

ᠬᠠᠵᠠᠭᠤ ᠳᠤ ᠲᠤᠰ ᠲᠤᠰ ᠦᠨᠳᠦᠷ6 ᠳ᠋ᠢᠽᠢᠮᠧᠲᠷ᠂ ᠦᠷᠭᠡᠨ ᠢᠶᠠᠷ ᠢᠶᠠᠨ5 ᠳ᠋ᠢᠽᠢᠮᠧᠲᠷ ᠤᠨ ︽ᠪᠤᠷᠴᠠᠭ ᠤᠨ ᠵᠢᠷᠤᠭᠲᠤ︾ ᠬᠡ ᠤᠭᠠᠯᠵᠠ ᠲᠠᠢ᠃ ᠬᠡ ᠤᠭᠠᠯᠵᠠ ᠶᠢᠨ

ᠴᠢᠮᠡᠭᠯᠡᠯ ᠠᠴᠠ ᠦᠵᠡᠪᠡᠯ ᠪᠠᠷᠠᠭᠤᠨ ᠬᠠᠨ ᠤᠯᠤᠰ ᠤᠨ ᠡᠬᠢᠨ ᠤ ᠦᠶ᠎ᠡ ᠶᠢᠨ ᠲᠡᠦᠬᠡᠨ ᠳᠤᠷᠠᠰᠬᠠᠯᠳᠣ ᠵᠦᠢᠯ ᠴᠢᠬᠤᠯᠠᠲᠠᠢ᠃

       ᠡᠭᠦᠨ ᠠᠴᠠ ᠭᠠᠳᠠᠨ᠎ᠠ ︽ᠵᠤᠤ ᠵᠢᠶᠦ᠋ᠨ ᠹᠧᠨ ᠤ ᠤᠩᠭᠤᠨ︾ ᠤ ᠪᠠᠷᠠᠭᠤᠨ ᠡᠮᠦᠨ᠎ᠡ ᠰᠢᠯᠢ ᠳᠡᠭᠡᠷ᠎ᠡ ᠨᠢᠭᠡᠨ ᠴᠠᠭᠠᠨ ᠰᠢᠷᠦᠢ ᠶᠢᠨ ᠠᠭᠤᠷᠬᠠᠢ ᠪᠤᠢ᠃ ᠵᠢᠯ ᠳᠤ

ᠮᠢᠩᠭ᠎ᠠ ᠢᠯᠡᠭᠦᠦ ᠲᠤᠨ ᠭᠠᠷᠳᠠᠭ᠃ ᠠᠭᠤᠷᠬᠠᠢ ᠶᠢᠨ ᠳᠤᠳᠤᠷᠠᠬᠢ ᠲᠤᠮᠤ ᠭᠡᠰᠡᠭ ᠨᠢ ᠨᠢᠳᠤᠷᠭᠠᠨ ᠴᠢᠨᠡᠭᠡ᠂ ᠪᠠᠭ᠎ᠠ ᠭᠡᠰᠡᠭ ᠨᠢ ᠦᠨᠳᠡᠭᠡᠨ ᠴᠢᠨᠡᠭᠡ᠂ ᠶᠡᠭᠡ ᠪᠠᠭ᠎ᠠ ᠠᠳᠠᠯᠢ

ᠪᠤᠰᠤ ᠪᠦᠮᠪᠦᠭᠡᠨ ᠬᠡᠯᠪᠡᠷᠢᠲᠠᠢ ᠨᠤᠨᠳᠠᠭ ᠪᠤᠳᠤᠭ ᠪᠤᠯᠤᠨ᠎ᠠ᠃ ᠭᠡᠷ ᠪᠠᠶᠢᠰᠢᠩ ᠤᠬᠢᠶᠠᠬᠤ ᠳᠤ ᠳᠤᠬᠢᠷᠠᠮᠵᠢᠲᠠᠢ ᠮᠠᠲ᠋ᠧᠷᠢᠶᠠᠯ ᠮᠦᠨ᠃ ᠪᠠᠰᠠᠴᠦ ᠦᠪᠡᠷᠳᠡᠭᠡᠨ ᠵᠠᠰᠠᠬᠤ ᠤᠷᠤᠨ

 ᠤ ᠪᠠᠷᠠᠭᠤᠨ ᠭᠡᠰᠡᠭ ᠲᠠᠬᠢ ᠤᠨᠴᠠ ᠭᠠᠷᠤᠯᠲᠠ ᠶᠢᠨ ᠨᠢᠭᠡ ᠨᠢ ᠮᠦᠨ  ᠃ ᠴᠠᠭᠠᠨ ᠰᠢᠷᠦᠢ ᠶᠢᠨ ᠪᠦᠳᠦᠴᠠ ᠶᠢᠨ ᠲᠤᠬᠠᠢ ᠠᠷᠠᠳ ᠤᠨ ᠳᠤᠮᠲᠠ ᠡᠶᠢᠮᠦ ᠨᠢᠭᠡᠨ

ᠭᠠᠶᠢᠬᠠᠮᠰᠢᠭᠲᠤ ᠰᠠᠶᠢᠬᠠᠨ ᠳᠤᠮᠤᠭ ᠶᠠᠷᠢᠶ᠎ᠠ ᠪᠤᠢ᠄ ᠡᠷᠳᠡ ᠴᠠᠭ ᠸᠠᠩ ᠵᠤᠤ ᠵᠢᠶᠦ᠋ᠨ ᠭᠠᠷᠴᠤ ᠢᠷᠡᠬᠦ ᠦᠶᠡᠰ ᠡᠨᠡᠭᠦᠷ ᠦᠩᠭᠡᠷᠡᠬᠦ ᠳ᠋ᠡᠭᠡᠨ‌ᠤᠸ᠎ᠠ ᠡᠩᠬᠡᠰᠡᠭ‌ᠨᠢ ᠠᠷᠤ ᠡᠯᠡᠰᠦᠨ

 ᠳᠤ ᠪᠤᠯᠠᠭᠳᠠᠭᠠᠳ ᠤᠨ ᠤᠳᠠᠵᠦ ᠴᠠᠭᠠᠨ ᠰᠢᠷᠦᠢ ᠪᠤᠯᠵᠦ ᠬᠤᠪᠢᠷᠠᠪᠠ ᠭᠡᠨ᠎ᠡ᠃ ᠡᠨᠡ ᠬᠦ ᠳᠤᠮᠤᠭ ᠶᠠᠷᠢᠶ᠎ᠠ ᠨᠢ ᠰᠢᠵᠢᠯᠡᠬᠦ ᠤᠬᠠᠭᠠᠨ ᠤ ᠦᠨᠳᠦᠰᠦ ᠪᠠᠷᠢᠮᠲᠠ ᠦᠭᠡᠢ᠃

ᠭᠡᠪᠡᠴᠦ ᠲᠡᠷᠡ ᠨᠢ ᠸᠠᠩ ᠵᠤᠤ ᠵᠢᠶᠦ᠋ᠨ ᠳᠤᠰ ᠭᠠᠵᠠᠷ ᠲᠤ ᠢᠷᠡᠵᠦ ᠦᠩᠭᠡᠷᠡᠭᠰᠡᠨ ᠪᠦᠭᠡᠳ ᠤᠯᠠᠨ ᠲᠦᠮᠡᠨ ᠤ ᠳᠤᠮᠳᠠ ᠨᠦᠯᠦᠭᠡ ᠶᠡᠭᠡ ᠭᠡᠰᠡᠨ ᠢ ᠮᠡᠳᠡᠵᠦ ᠪᠤᠯᠤᠨ᠎ᠠ᠃

       ᠳᠡᠭᠡᠷᠡᠬᠢ ᠶᠠᠷᠢᠭᠰᠠᠨ ᠢ ᠪᠠᠭᠴᠠᠯᠠᠪᠠᠯ᠂ ᠸᠠᠩ ᠵᠤᠤ ᠵᠢᠶᠦ᠋ᠨ ᠡᠨᠡ ᠭᠠᠵᠠᠷ ᠲᠤ ᠢᠷᠡᠵᠤ ᠶᠢᠨ ᠶᠢᠨ(金津) ᠤᠯᠤᠮ ᠢᠶᠠᠷ ᠭᠠᠳᠤᠯᠵᠠᠢ᠃ ᠡᠨᠡ ᠬᠤᠶᠠᠷ

ᠲᠠᠯ᠎ᠠ ᠶᠢᠨ ᠡᠷᠳᠡᠨ ᠤ ᠬᠤᠲᠠ ᠨᠢ ᠴᠦᠮ ᠬᠠᠨ ᠤᠯᠤᠰ ᠤᠨ ᠦᠶ᠎ᠡ ᠶᠢᠨ ᠡᠷᠳᠡᠨ ᠤ ᠬᠤᠲᠠ ᠶᠢᠨ ᠤᠯᠠ ᠮᠦᠷ ᠪᠤᠯᠤᠨ᠎ᠠ᠃ ᠸᠠᠩ ᠵᠤᠤ ᠵᠢᠶᠦ᠋ᠨ ᠪᠤᠯ ᠠᠷᠠᠳ ᠲᠦᠮᠡᠨ ᠤ

ᠳᠤᠮᠳᠠ ᠨᠦᠯᠦᠭᠡ ᠶᠡᠭᠡ ᠲᠤᠯᠠ ᠸᠠᠩ ᠵᠤᠤ ᠵᠢᠶᠦ᠋ᠨ ᠢ ᠳᠤᠷᠠᠰᠬᠠᠬᠤ ᠶᠢᠨ ᠲᠦᠯᠦᠭᠡ᠂ ᠡᠨᠡ ᠠᠭᠤᠯᠠ ᠶᠢ ︽ᠵᠤᠤ ᠵᠢᠶᠦ᠋ᠨ ᠤ ᠤᠩᠭᠤᠨ︾ ᠭᠡᠵᠦ ᠨᠡᠷᠡᠶᠢᠳᠦᠭᠰᠡᠨ ᠪᠠᠶᠢᠨ᠎ᠠ

ᠢᠷᠡᠯᠲᠡ᠄ ︽ᠳᠠᠯᠠᠳ ᠤᠨ ᠰᠤᠶᠤᠯ ᠲᠡᠦᠬᠡ︾ ᠭᠡᠬᠦ ᠨᠤᠮ ᠠᠴᠠ ᠪᠠᠭᠤᠯᠭᠠᠪᠠ᠃