ᠳᠤᠮᠳᠠᠳᠤ ᠤᠯᠤᠰ ᠤᠨ ᠡᠪ ᠬᠠᠮᠲᠤ ᠨᠠᠮ ᠤᠨ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠤᠲᠤᠭᠠᠳᠤ ᠶᠢ ᠬᠠᠮᠠᠭᠠᠯᠠᠬᠤ ᠲᠢᠩᠬᠢᠮ ᠤᠨ ᠵᠦᠪᠯᠡᠯ ᠤᠨ ᠪᠤᠷᠤᠩᠬᠤᠢ ᠶᠢ ᠰᠢᠭᠦᠷᠳᠡᠨ ᠬᠠᠷᠭᠢᠰ ᠢ ᠠᠷᠢᠯᠭᠠᠬᠤ ᠲᠤᠰᠬᠠᠢ ᠲᠤᠭᠤᠷᠢᠨ ᠪᠠᠶᠢᠴᠠᠭᠠᠯᠲᠠ ᠶᠢᠨ ᠲᠤᠬᠠᠢ ᠮᠡᠳᠡᠭᠳᠡᠯ
ᠨᠡᠶᠢᠲᠡᠯᠡᠭᠰᠡᠨ ᠴᠠᠭ᠄
2018/7/30
      ᠳᠤᠮᠳᠠᠳᠤ ᠤᠯᠤᠰ ᠤᠨ ᠡᠪ ᠬᠠᠮᠲᠤ ᠨᠠᠮ ᠤᠨ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠤᠲᠤᠭᠠᠳᠤ ᠶᠢ ᠬᠠᠮᠠᠭᠠᠯᠠᠬᠤ ᠲᠢᠩᠬᠢᠮ ᠤᠨ ᠵᠦᠪᠯᠡᠯ ᠤᠨ ᠪᠤᠷᠤᠩᠬᠤᠢ ᠶᠢ ᠰᠢᠭᠦᠷᠳᠡᠨ ᠬᠠᠷᠭᠢᠰ ᠢ ᠠᠷᠢᠯᠭᠠᠬᠤ ᠲᠤᠰᠬᠠᠢ ᠲᠡᠮᠡᠴᠡᠯ ᠤᠨ ᠪᠠᠶᠢᠷᠰᠢᠭᠤᠯᠤᠯᠲᠠ ᠶᠢᠨ ᠶᠤᠰᠤᠭᠠᠷ᠂ ᠲᠤᠲᠤᠭᠠᠳᠤ ᠶᠢ ᠬᠠᠮᠠᠭᠠᠯᠠᠬᠤ ᠲᠢᠩᠬᠢᠮ ᠤᠨ ᠨᠠᠮ ᠤᠨ ᠬᠤᠷᠢᠶᠠᠨ ᠤ ᠨᠢᠭᠡᠳᠦᠭᠡᠷ ᠲᠤᠭᠤᠷᠢᠨ ᠪᠠᠶᠢᠴᠠᠭᠠᠬᠤ ᠳᠤᠭᠤᠶᠢᠯᠠᠩ ᠤᠨ ᠬᠢᠨ 2018 ᠣᠨ ᠤ 7 ᠰᠠᠷ᠎ᠠ ᠶᠢᠨ 16 ᠤ ᠡᠳᠦᠷ ᠠᠴᠠ ᠡᠬᠢᠯᠡᠨ ᠤᠷᠳᠤᠰ ᠬᠤᠲᠠ ᠶᠢᠨ ᠲᠤᠲᠤᠭᠠᠳᠤ ᠶᠢ ᠬᠠᠮᠠᠭᠠᠯᠠᠬᠤ ᠲᠤᠪᠴᠢᠶᠠᠨ ᠳᠤ ᠢᠷᠡᠵᠦ᠂ ᠪᠤᠷᠤᠩᠬᠤᠢ ᠶᠢ ᠰᠢᠭᠦᠷᠳᠡᠨ ᠬᠠᠷᠭᠢᠰ ᠢ ᠠᠷᠢᠯᠭᠠᠬᠤ ᠲᠤᠰᠬᠠᠢ ᠲᠡᠮᠡᠴᠡᠯ ᠤᠨ ᠠᠵᠢᠯ ᠤᠨ ᠥᠷᠨᠢᠭᠦᠯᠦᠯᠲᠡ ᠶᠢᠨ ᠲᠠᠯ᠎ᠠ ᠪᠠᠷ ᠬᠢᠨᠠᠨ ᠪᠠᠶᠢᠴᠠᠭᠠᠪᠠ᠃ ᠣᠳᠣ ᠬᠠᠮᠢᠶ᠎ᠠ ᠪᠦᠬᠦᠢ ᠪᠠᠶᠢᠳᠠᠯ ᠤᠨ ᠲᠤᠬᠠᠢ ᠮᠡᠳᠡᠭᠳᠡᠬᠦ ᠨᠢ᠄ᠨᠢᠭᠡ᠂ ᠲᠤᠭᠤᠷᠢᠨ ᠪᠠᠶᠢᠴᠠᠭᠠᠭᠳᠠᠬᠤ ᠡᠲᠡᠭᠡᠳ᠄ ᠤᠷᠳᠣᠰ ᠬᠤᠲᠠ ᠶᠢᠨ ᠲᠤᠲᠤᠭᠠᠳᠤ ᠶᠢ ᠬᠠᠮᠠᠭᠠᠯᠠᠬᠤ ᠲᠤᠪᠴᠢᠶᠠᠨ ᠤ ᠨᠠᠮ ᠤᠨ ᠬᠤᠷᠢᠶ᠎ᠠ ᠵᠢᠴᠢ ᠲᠡᠭᠦᠨ ᠳᠤ ᠬᠠᠷᠢᠶᠠᠯᠠᠭᠳᠠᠬᠤ ᠡᠯ᠎ᠡ ᠬᠤᠰᠢᠭᠤᠨ ᠤ ᠲᠤᠲᠤᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠨᠠᠮ ᠤᠨ ᠬᠤᠷᠢᠶ᠎ᠠ᠃ᠬᠤᠶᠠᠷ᠂ ᠲᠤᠭᠤᠷᠢᠨ ᠪᠠᠶᠢᠴᠠᠭᠠᠬᠤ ᠬᠤᠭᠤᠴᠠᠭ᠎ᠠ᠄ 2018 ᠣᠨ ᠤ 7 ᠰᠠᠷ᠎ᠠ ᠶᠢᠨ 16 ᠠᠴᠠ 9 ᠰᠠᠷ᠎ᠠ ᠶᠢᠨ 16  ᠬᠦᠷᠲᠡᠯ᠎ᠡ᠃ᠭᠤᠷᠪᠠ᠂ ᠲᠤᠭᠤᠷᠢᠨ ᠪᠠᠶᠢᠴᠠᠭᠠᠬᠤ ᠭᠤᠣᠯ ᠠᠭᠤᠯᠭ᠎ᠠ᠄       ᠲᠤᠭᠤᠷᠢᠨ ᠪᠠᠶᠢᠴᠠᠭᠠᠬᠤ ᠬᠤᠭᠤᠴᠠᠭᠠᠨ ᠳᠤ᠂ ᠲᠤᠭᠤᠷᠢᠨ ᠪᠠᠶᠢᠴᠠᠭᠠᠬᠤ ᠳᠤᠭᠤᠶᠢᠯᠠᠩ ᠨᠢ ᠤᠯᠤᠰ ᠲᠥᠷᠥ ᠶᠢᠨ ᠲᠤᠭᠤᠷᠢᠨ ᠪᠠᠶᠢᠴᠠᠭᠠᠬᠤ ᠵᠤᠭᠰᠤᠴᠠ ᠪᠠᠨ ᠴᠢᠩᠭ᠎ᠠ ᠪᠠᠷᠢᠮᠲᠠᠯᠠᠨ᠂ ᠠᠰᠠᠭᠤᠳᠠᠯ ᠢᠶᠠᠷ ᠵᠢᠯᠤᠭᠤᠳᠤᠮᠵᠢ ᠪᠣᠯᠭᠠᠨ᠂ ︽ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠷᠥ ᠶᠢᠨ ᠶᠠᠪᠤᠳᠠᠯ ᠤᠨ ᠬᠤᠷᠢᠶᠠᠨ ᠤ ᠪᠤᠷᠤᠩᠬᠤᠢ ᠶᠢ ᠰᠢᠭᠦᠷᠳᠡᠨ ᠬᠠᠷᠭᠢᠰ ᠢ ᠠᠷᠢᠯᠭᠠᠬᠤ ᠲᠤᠰᠬᠠᠢ ᠲᠠᠮᠠᠴᠡᠯ ᠢ ᠥᠷᠨᠢᠭᠦᠯᠬᠦ ᠮᠡᠳᠡᠭᠳᠡᠯ︾ ᠤᠨ ᠱᠠᠭᠠᠷᠳᠠᠯᠭ᠎ᠠ ᠪᠠ ᠦᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ᠂ ᠲᠤᠲᠤᠭᠠᠳᠤ ᠶᠢ ᠬᠠᠮᠠᠭᠠᠯᠠᠬᠤ ᠶᠠᠮᠤᠨ ᠤ ᠨᠠᠮ ᠤᠨ ᠬᠤᠷᠢᠶ᠎ᠠ᠂ ᠲᠤᠲᠤᠭᠠᠳᠤ ᠶᠢ ᠬᠠᠮᠠᠭᠠᠯᠠᠬᠤ ᠲᠤᠪᠴᠢᠶᠠᠨ ᠤ ᠨᠠᠮ ᠤᠨ ᠬᠤᠷᠢᠶ᠎ᠠ ᠶᠢᠨ ᠪᠤᠷᠤᠩᠬᠤᠢ ᠶᠢ ᠰᠢᠭᠦᠷᠳᠡᠨ ᠬᠠᠷᠭᠢᠰ ᠢ ᠠᠷᠢᠯᠭᠠᠬᠤ ᠲᠤᠰᠬᠠᠢ ᠲᠡᠮᠡᠴᠡᠯ ᠤᠨ ᠠᠵᠢᠯ ᠤᠨ ᠪᠠᠶᠢᠷᠰᠢᠭᠤᠯᠤᠯᠲᠠ ᠶᠢᠨ ᠲᠤᠭᠤᠷᠢᠨ ᠳᠤ᠂ ᠤᠷᠳᠤᠰ ᠬᠤᠲᠠ ᠶᠢᠨ  ᠡᠯ᠎ᠡ ᠲᠡᠰ ᠤᠨ ᠲᠤᠲᠤᠭᠠᠳᠤ ᠶᠢ ᠬᠠᠮᠠᠭᠠᠯᠠᠬᠤ ᠪᠠᠶᠢᠭᠤᠯᠭ᠎ᠠ ᠤ ᠨᠠᠮ ᠤᠨ ᠬᠤᠷᠢᠶᠠᠨ ᠤ ᠤᠯᠤᠰ ᠲᠥᠷᠥ ᠶᠢᠨ ᠵᠤᠭᠰᠤᠴᠠ ᠪᠠᠷ ᠳᠤᠤᠷ᠎ᠠ᠂ ᠴᠢᠬᠤᠯᠠᠴᠢᠯᠠᠨ ᠦᠵᠡᠬᠦ ᠦᠭᠡᠢ᠂ ᠠᠵᠢᠯ ᠤᠨ ᠠᠷᠭ᠎ᠠ ᠪᠠᠷᠢᠯ ᠨᠢ ᠪᠤᠳᠠᠲᠠᠢ ᠲᠠᠢ ᠨᠡᠶᠢᠴᠡᠬᠦ ᠦᠭᠡᠢ᠂ ᠬᠠᠷᠢᠭᠤᠴᠠᠯᠭ᠎ᠠ ᠶᠢᠨ ᠨᠠᠶᠢᠳᠠᠪᠤᠷᠢᠵᠢᠭᠤᠯᠤᠯᠲᠠ ᠨᠢ ᠪᠠᠭᠤᠷᠠᠢ ᠵᠡᠷᠭᠡ ᠲᠠᠯ᠎ᠠ ᠶᠢᠨ ᠠᠰᠠᠭᠤᠳᠠᠯ ᠪᠠ ᠤᠯᠠᠨ ᠲᠦᠮᠡᠨ ᠤ ᠬᠠᠷᠢᠭᠤ ᠲᠤᠰᠬᠠᠯ ᠢᠶᠠᠷ ᠶᠡᠭᠡ ᠭᠠᠵᠠᠷ ᠤᠷᠤᠨ᠂ ᠲᠤᠬᠠᠶᠢᠯᠠᠭᠰᠠᠨ ᠠᠵᠢᠯ᠂ ᠤᠷᠤᠨ ᠬᠡᠪᠴᠢᠶ᠎ᠡ ᠶᠢᠨ ᠬᠠᠷᠭᠢᠰ ᠪᠤᠷᠤᠩᠬᠤᠢ ᠳᠤ ᠬᠤᠯᠪᠤᠭᠳᠠᠭᠰᠠᠨ ᠬᠡᠷᠡᠭ ᠤᠨ ᠰᠦᠪᠡᠭᠴᠢ ᠵᠢᠴᠢ ᠬᠠᠷᠭᠢᠰ ᠪᠤᠷᠤᠩᠬᠤᠢ ᠬᠦᠴᠦᠨ ᠤ ᠠᠷᠤ ᠲᠠᠯ᠎ᠠ ᠶᠢᠨ ᠬᠠᠯᠬᠠᠪᠴᠢ᠂ ᠤᠨᠴᠠᠭᠠᠶᠢᠯᠠᠨ ᠲᠤᠲᠤᠭᠠᠳᠤ ᠶᠢ ᠬᠠᠮᠠᠭᠠᠯᠠᠬᠤ ᠪᠠᠶᠢᠭᠤᠯᠭ᠎ᠠ ᠶᠢᠨ ᠬᠠᠷᠭᠢᠰ ᠪᠤᠷᠦᠩᠬᠤᠢ ᠲᠠᠢ ᠬᠤᠯᠪᠤᠭᠳᠠᠬᠤ ᠤᠳᠤᠷᠢᠳᠤᠯᠭ᠎ᠠ ᠵᠢᠴᠢ ᠺᠠᠳ᠋ᠷ ᠠᠵᠢᠯᠲᠠᠨ᠂ ᠠᠷᠠᠳ ᠤᠨ ᠴᠠᠭᠳᠠᠭ᠎ᠠ ᠶᠢ ᠪᠠᠶᠢᠴᠠᠭᠠᠨ ᠲᠣᠳᠤᠯᠤᠨ᠎ᠠ᠃ᠳᠥᠷᠪᠡ᠂ ᠠᠰᠠᠭᠤᠳᠠᠯ ᠢ ᠲᠤᠰᠬᠠᠬᠤ ᠠᠷᠭ᠎ᠠ ᠬᠡᠮᠵᠢᠶ᠎ᠡ᠄       ᠲᠤᠭᠤᠷᠢᠨ ᠪᠠᠶᠢᠴᠠᠭᠠᠬᠤ ᠳᠤᠭᠤᠶᠢᠯᠠᠩ ᠨᠢ ᠲᠤᠭᠤᠷᠢᠨ ᠪᠠᠶᠢᠴᠠᠭᠠᠵᠤ ᠪᠠᠶᠢᠭ᠎ᠠ ᠬᠤᠭᠤᠴᠠᠭᠠᠨ ᠳᠤ᠂ ᠤᠲᠠᠰᠤ ᠠᠪᠬᠤ᠂ ᠢᠮᠸᠢᠯ ᠶᠠᠪᠤᠭᠤᠯᠬᠤ᠂ ᠡᠰᠡᠭᠦᠯ᠎ᠡ ᠪᠢᠴᠢᠭ ᠤᠨ ᠬᠡᠯᠪᠡᠷᠢ ᠪᠠᠷ ᠲᠤᠭᠤᠷᠢᠨ ᠪᠠᠶᠢᠴᠠᠭᠠᠬᠤ ᠳᠤᠭᠤᠶᠢᠯᠠᠩ ᠲᠠᠢ ᠬᠠᠷᠢᠯᠴᠠᠵᠤ ᠪᠤᠯᠤᠨ᠎ᠠ᠃ᠢᠯᠡᠴᠢᠯᠡᠨ ᠮᠡᠳᠡᠭᠦᠯᠬᠦ ᠤᠲᠠᠰᠤ᠄ 16604816295ᠢᠯᠡᠴᠢᠯᠡᠨ ᠮᠡᠳᠡᠭᠦᠯᠬᠦ ᠬᠠᠶ᠋ᠢᠭ᠄ 16604816295@163.comᠸᠢᠴᠠᠲ᠄ 16604816295           ᠲᠤᠲᠤᠭᠠᠳᠤ ᠶᠢ ᠬᠠᠮᠠᠭᠠᠯᠠᠬᠤ ᠲᠢᠩᠬᠢᠮ ᠤᠨ ᠨᠢᠭᠡᠳᠦᠭᠡᠷ ᠲᠤᠭᠤᠷᠢᠨ ᠪᠠᠶᠢᠴᠠᠭᠠᠬᠤ ᠳᠤᠭᠤᠶᠢᠯᠠᠩ           2018ᠣᠨ ᠤ 7 ᠰᠠᠷ᠎ᠠ ᠶᠢᠨ 16 ᠤ ᠡᠳᠦᠷ
ᠢᠷᠡᠯᠲᠡ᠄ ᠲᠣᠲᠣᠷᠬᠠᠢ ᠦᠭᠡᠢ