ᠴᠢ ᠼᠠᠢ ᠰᠢᠶᠠ ᠬᠤᠶᠠᠷ  ᠬᠤᠲᠠ ᠶᠢᠨ ᠬᠤᠷᠠᠯ ᠲᠡᠭᠡᠷ᠎ᠡ ᠨᠠᠨᠳᠢᠨ ᠰᠠᠨᠠᠭᠤᠯᠭ᠎ᠠ ᠪᠠᠨ ᠢᠯᠡᠳᠭᠡᠪᠡ
ᠨᠡᠶᠢᠲᠡᠯᠡᠭᠰᠡᠨ ᠴᠠᠭ᠄
2018/9/17
     ︽ᠪᠢ ᠮᠤᠩᠭᠤᠯ ᠬᠦᠮᠦᠨ᠃ ᠲᠡᠤᠭᠡ ᠶᠢᠨ ᠰᠢᠯᠳᠠᠭᠠᠨ᠂ ᠤᠷᠤᠰᠢᠨ ᠠᠮᠢᠳᠤᠷᠠᠬᠤ ᠨᠦᠬᠦᠴᠡᠯ ᠤᠨ ᠰᠢᠯᠳᠠᠭᠠᠨ ᠠᠴᠠ ᠪᠤᠯᠤᠭᠠᠳ ᠪᠢᠳᠡ ᠦᠪᠡᠷ ᠤᠨ ᠦᠨᠳᠦᠰᠦᠳᠡᠨ ᠤ ᠬᠡᠯᠡ ᠪᠠᠨ ᠠᠯᠳᠠᠭᠰᠠᠨ᠃ ᠬᠡᠪᠡᠴᠤ ᠮᠢᠨᠤ ᠦᠪᠡᠷ ᠤᠨ ᠦᠨᠳᠦᠰᠦᠳᠡᠨ ᠤ ᠦᠭᠡ ᠬᠡᠯᠡ᠂ ᠦᠰᠦᠭ ᠪᠢᠴᠢᠭ᠂ ᠰᠤᠶᠤᠯ ᠵᠠᠩᠰᠢᠯ ᠢᠶᠠᠨ ᠬᠠᠶᠢᠷᠠᠯᠠᠬᠤ ᠰᠡᠳᠬᠢᠯᠭᠡ ᠤᠭᠳᠤᠬᠠᠨ ᠴᠤ ᠪᠠᠭᠤᠷᠠᠭᠰᠠᠨ ᠦᠭᠡᠢ ᠁︾ ᠬᠡᠵᠤ ᠳᠠᠯᠠᠳ ᠬᠤᠰᠢᠭᠤᠨ ᠤ ᠬᠤᠳᠠ ᠶᠢᠨ ᠤᠯᠤᠰ ᠲᠦᠷᠦ ᠶᠢᠨ ᠵᠦᠪᠯᠡᠯᠭᠡᠨ ᠤ ᠬᠡᠰᠢᠬᠦᠨ ᠴᠢ ᠼᠠᠢ ᠰᠢᠶᠠ ᠬᠤᠶᠠᠷ ᠬᠤᠷᠠᠯ ᠤᠨ ᠬᠤᠭᠤᠴᠠᠭᠠᠨ ᠳᠤ ᠰᠠᠨᠠᠯ ᠢᠶᠠᠨ ᠲᠡᠪᠰᠢᠬᠦᠯᠵᠤ ᠪᠠᠶᠢᠯ᠎ᠠ᠃          ᠴᠢ ᠼᠠᠢ ᠰᠢᠶᠠ ᠡᠨᠡ ᠤᠳᠠᠭ᠎ᠠ ᠬᠤᠶᠠᠷ ᠰᠠᠨᠠᠯ ᠲᠤᠷᠠᠳᠴᠠᠢ᠃ ᠲᠡᠷᠡ ᠡ᠊ᠡᠭ ᠲᠡᠷᠢᠭᠦᠨ ᠳᠤ᠂ ᠴᠦᠭᠡᠨ ᠲᠤᠭᠠᠳᠤ ᠦᠨᠳᠦᠰᠦᠳᠡᠨ ᠤ ᠭᠠᠵᠠᠷ ᠤᠷᠤᠨ ᠳᠤ ᠮᠤᠩᠭᠤᠯ ᠦᠭᠡ ᠬᠡᠯᠡ ᠦᠰᠦᠭ ᠪᠢᠴᠢᠭ ᠤᠨ ᠬᠦᠮᠦᠵᠢᠯ ᠢ ᠴᠢᠬᠤᠯᠠᠴᠢᠯᠠᠨ ᠦᠵᠡᠬᠦ ᠬᠡᠷᠡᠭᠳᠡᠢ ᠬᠡᠵᠤ ᠢᠯᠡᠷᠭᠡᠶᠢᠯᠡᠪᠡ᠃ ᠡᠨᠡ ᠬᠦ ᠬᠠᠶᠢᠷ᠎ᠠ ᠰᠡᠳᠬᠢᠯᠭᠡ ᠶᠢᠨ ᠤᠨᠳᠤᠷᠤᠯ ᠨᠢ ᠤᠴᠢᠷᠳᠠᠢ ᠪᠠᠶᠢᠯ᠎ᠠ᠃ ᠴᠢ ᠼᠠᠢ ᠰᠢᠶᠠ᠄ ︽ᠮᠢᠨᠤ ᠡᠪᠦᠭᠡ ᠪᠤᠯ ᠮᠤᠩᠭᠤᠯ᠂ ᠬᠢᠳᠠᠳ᠂ ᠲᠦᠪᠡᠳ ᠭᠤᠷᠪᠠᠨ ᠬᠡᠯᠡᠨ ᠳᠤ ᠨᠡᠪᠳᠡᠷᠡᠵᠤ᠂ ᠲᠤᠬᠠᠢ ᠶᠢᠨ ᠦᠶᠡᠰ‌ᠨᠤᠳᠤᠭ ᠤᠰᠤᠨ ᠳᠤ ᠪᠠᠨ ᠬᠦᠨᠳᠦᠳᠭᠡᠯ ᠲᠠᠢ ᠶᠠᠪᠤᠭᠰᠠᠨ ᠮᠤᠩᠭᠤᠯ ᠸᠠᠩ ᠨᠤᠶᠠᠨ ᠶᠤᠮ᠃ ᠬᠡᠪᠡᠴᠤ ᠴᠠᠭ ᠲᠦᠷᠦ ᠶᠢᠨ ᠰᠢᠯᠳᠠᠭᠠᠨ ᠠᠴᠠ ᠪᠤᠯᠵᠤ ᠬᠢᠯᠢᠰ ᠢᠶᠠᠷ ᠬᠦᠳᠭᠡᠭᠳᠡᠨ ᠬᠤᠷᠢᠭᠳᠠᠵᠤ᠂ ᠪᠡᠶ᠎ᠡ ᠪᠠᠨ ᠬᠤᠤᠷᠯᠠᠭᠰᠠᠨ ᠪᠢᠯᠡ᠃ ᠠᠪᠤ ᠴᠤ ᠨᠡᠯᠢᠶᠡᠳ ᠬᠤᠤᠷᠯᠠᠯ ᠠᠮᠰᠠᠭᠰᠠᠨ᠃ ᠡᠯ᠎ᠡ ᠵᠦᠢᠯ ᠤᠨ ᠰᠢᠯᠳᠠᠭᠠᠨ ᠠᠴᠠ ᠪᠤᠯᠤᠭᠠᠳ ᠠᠪᠤ ᠡᠵᠢ ᠮᠢᠨᠢ ᠪᠢᠳᠡᠨ ᠢ ᠮᠤᠩᠭᠤᠯ ᠰᠤᠷᠭᠠᠭᠤᠯᠢ ᠳᠤ ᠰᠠᠭᠤᠯᠭᠠᠵᠤ ᠴᠢᠳᠠᠭᠰᠠᠨ ᠦᠭᠡᠢ᠃ ᠦᠪᠡᠷ ᠤᠨ ᠬᠡᠯᠡ ᠪᠠᠨ ᠠᠯᠳᠠᠭᠰᠠᠨ ᠨᠢ ᠨᠠᠳᠠ ᠳᠤ ᠶᠤᠰᠤᠳᠠᠢ ᠬᠠᠷᠠᠮᠰᠠᠯ ᠪᠤᠯᠵᠤ ᠬᠤᠴᠤᠷᠴᠠᠢ︾ ᠬᠡᠵᠤ ᠬᠡᠯᠡᠨ᠎ᠡ᠃ ︽ᠲᠠᠯᠠᠳ ᠬᠤᠰᠢᠭᠤᠨ ᠤ ᠵᠡᠭᠡᠯᠢ ᠲᠡᠭᠡᠷ᠎ᠡ ᠲᠡᠷᠯᠢᠭ ᠡᠮᠦᠰᠴᠤ ᠶᠠᠪᠤᠪᠠᠯ ᠬᠦᠮᠦᠰ ᠭᠠᠶᠢᠬᠠᠯᠳᠤᠨ ᠬᠠᠷᠠᠳᠠᠭ᠃ ᠤᠴᠢᠷ ᠨᠢ ᠦᠨᠳᠦᠰᠦᠳᠡᠨ ᠤ ᠰᠤᠶᠤᠯ ᠠᠮᠢᠳᠤᠷᠠᠯ ᠨᠢᠭᠡᠨᠳᠡ ᠨᠡᠯᠢᠶᠡᠳ‌‍ᠪᠠᠯᠠᠷᠬᠠᠢᠢᠰᠢᠭᠰᠠᠨ ᠪᠠᠶᠢᠳᠠᠭ᠃ ᠡᠨᠡ ᠬᠤᠶᠠᠷ ᠵᠢᠯ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ ᠨᠢ ᠴᠦᠭᠡᠨ‌‍ᠲ᠋ᠤᠭᠠᠳᠤ ᠦᠨᠳᠦᠰᠦᠳᠡᠨ ᠤ ᠪᠤᠯᠪᠠᠰᠤᠷᠠᠯ ᠢ ᠡᠷᠬᠢᠯᠡᠵᠤ᠂ ᠪᠠᠰᠠ ᠦᠨᠳᠦᠰᠦᠳᠡᠨ ᠤ ᠤᠨᠴᠠᠯᠢᠭ ᠲᠠᠢ ᠰᠤᠶᠤᠯ ᠤᠷᠠᠯᠢᠭ ‍ᠤᠨ‌ᠠᠵᠢᠯᠯᠠᠭ᠎ᠠ ᠶᠠᠪᠤᠭᠳᠠᠭᠤᠯᠵᠤ ᠪᠠᠶᠢᠬᠤ ᠨᠢ ᠮᠠᠰᠢ ᠰᠠᠶᠢᠨ ᠠᠭᠤᠷ ᠠᠮᠢᠰᠬᠤᠯ ᠢ ᠪᠤᠢ ᠪᠤᠯᠭᠠᠭᠰᠠᠨ ᠬᠡᠵᠤ ᠦᠵᠡᠵᠤ ᠪᠤᠢ︾ ᠬᠡᠵᠤ ᠴᠢ ᠼᠠᠢ ᠰᠢᠶᠠ ᠤᠴᠢᠷᠯᠠᠨ᠎ᠠ᠃ ᠦᠨᠳᠦᠰᠦᠳᠡᠨ ᠤ ᠰᠤᠶᠤᠯ ᠢᠶᠠᠨ ᠠᠪᠤᠷᠠᠵᠤ᠂ ᠬᠠᠮᠠᠭᠠᠯᠠᠵᠤ᠂ ᠤᠯᠠᠮᠵᠢᠯᠠᠨ‌ᠵᠠᠯᠭᠠᠮᠵᠢᠯᠠᠬᠤ ᠡᠭᠦᠳᠦᠨ ᠠᠴᠠ ᠴᠢ ᠼᠠᠢ ᠰᠢᠶᠠᠨ ᠡᠨᠡ ᠤᠳᠠᠭ᠎ᠠ ᠶᠢᠨ ᠬᠤᠶᠠᠷ ᠬᠤᠷᠠᠯ ᠳᠤ ︽ᠦᠨᠳᠦᠰᠦᠳᠡᠨ ᠤ ᠰᠤᠶᠤᠯ ᠢᠶᠠᠨ ᠤᠯᠠᠮᠵᠢᠯᠠᠬᠤ ᠳᠤ ᠦᠨᠳᠦᠰᠦᠳᠡᠨ ᠤ ᠰᠤᠷᠭᠠᠨ ᠬᠦᠮᠦᠵᠢᠯ ᠠᠴᠠ ᠭᠠᠷᠳᠠᠨ ᠬᠢᠶ ᠎ᠡ︾ ᠬᠡᠵᠤ ᠰᠠᠨᠠᠭᠠᠴᠢᠯᠠᠭᠰᠠᠨ‌‍ᠪᠠᠶᠢᠨ᠎ᠠ᠃  
ᠢᠷᠡᠯᠲᠡ᠄ ᠤᠷᠳᠤᠰ ᠮᠤᠩᠭᠤᠯ ᠰᠦᠯᠵᠢᠶ᠎ᠡ