ᠪᠦᠷᠢᠳᠦ ᠶᠢᠨ ᠤᠪᠤᠭ᠎ᠠ
ᠨᠡᠶᠢᠲᠡᠯᠡᠭᠰᠡᠨ ᠴᠠᠭ᠄
2019/1/2
        ᠪᠦᠷᠢᠳᠦ ᠶᠢᠨ ᠤᠪᠤᠭ᠎ᠠ ᠪᠤᠯ ᠳᠠᠯᠠᠳ ᠬᠤᠰᠢᠭᠤᠨ ᠤ ᠰᠤᠬᠠᠶᠢᠳᠤ ᠰᠢᠶᠠᠩ ᠤᠨ ᠷᠠᠰᠢᠴᠤᠶᠢᠯᠢᠩ ᠤᠨ ᠰᠦᠮ᠎ᠡ ᠶᠢᠨ ᠪᠠᠷᠠᠭᠤᠨ ᠬᠤᠶᠢᠳᠤ ᠦᠨᠳᠦᠷ ᠬᠠᠷ᠎ᠠ ᠤᠷᠤᠢ ᠳᠡᠭᠡᠷ᠎ᠡ ᠪᠤᠰᠬᠠᠭᠰᠠᠨ ᠠᠷᠪᠠᠨ ᠬᠤᠶᠠᠷ ᠴᠡᠷᠢᠭ ᠤᠪᠤᠭ᠎ᠠ  ᠲᠠᠢ ᠪᠤᠷᠭᠠᠰᠤᠨ ᠮᠤᠳᠤᠨ ᠰᠠᠭᠰᠤᠭᠠᠢ ᠲᠠᠢ ᠬᠠᠳᠠᠨ ᠤᠪᠤᠭ᠎ᠠ ᠶᠤᠮ᠃ ᠳᠤᠰ ᠤᠪᠤᠭ᠎ᠠ ᠶᠢ ᠷᠠᠰᠢᠴᠤᠶᠢᠯᠢᠩ ᠰᠦᠮ᠎ᠡ  ᠶᠢᠨ ᠰᠢᠷᠡᠭᠡᠨ ᠳ᠋ᠠ ᠯᠠᠮᠠ ᠭᠡᠯᠤᠩ ᠬᠦᠦᠱᠢ ᠯᠤᠪᠰᠠᠩᠳᠠᠨᠽᠠᠨ ᠠᠴᠠ ᠡᠷᠬᠢᠯᠡᠨ ᠪᠤᠰᠬᠠᠭᠰᠠᠨ ᠰᠦᠮ᠎ᠠ ᠶᠢᠨ ᠤᠪᠤᠭ᠎ᠠ ᠪᠤᠯᠤᠨ᠎ᠠ᠃ ᠤᠷᠳᠤᠰ ᠲᠤᠭᠠᠯᠠᠯ ᠤᠨ ᠨᠠᠢᠮᠠᠨ ᠰᠠᠷ᠎ᠠ ᠶᠢᠨ ᠠᠷᠪᠠᠨ ᠭᠤᠷᠪᠠᠨ ᠳᠤ ᠷᠠᠰᠢᠴᠤᠶᠢᠯᠢᠩ ᠤᠨ ᠰᠦᠮ᠎ᠡ ᠶᠢᠨ ᠯᠠᠮᠠ ᠨᠠᠷ ᠪᠤᠯᠤᠨ ᠳᠤᠰ ᠨᠤᠳᠤᠭ ᠤᠨ ᠮᠠᠯᠴᠢᠨ ᠠᠷᠠᠳ ᠰᠦᠰᠦᠭ ᠨᠡᠶᠢᠯᠡᠵᠦ ᠪᠦᠬᠦᠯᠢ ᠬᠤᠨᠢᠨ ᠦᠳᠬᠡ ᠰᠢᠭᠦᠰᠦ᠂ ᠰᠤᠭ ᠳᠡᠭᠡᠵᠢ᠂ ᠴᠠᠭᠠᠨ ᠢᠳᠡᠭᠡᠨ᠂ ᠠᠷᠢᠬᠢ ᠰᠠᠷᠬᠤᠳ ᠢᠶᠠᠷ ᠳᠠᠬᠢᠵᠦ᠂ ᠨᠠᠮᠳᠠᠭ ᠰᠠᠩ ᠤᠩᠰᠢᠵᠦ᠂ ᠰᠠᠩ ᠲᠠᠯᠪᠢᠨ ᠳᠤᠩ ᠦᠯᠢᠶᠡᠵᠦ᠂ ᠰᠠᠴᠤᠯᠢ ᠡᠷᠭᠦᠵᠦ ᠳᠠᠬᠢᠳᠠᠭ ᠪᠠᠶᠢᠵᠠᠢ᠃
ᠢᠷᠡᠯᠲᠡ᠄ ︽ᠳᠠᠯᠠᠳ ᠤᠨ ᠰᠤᠶᠤᠯ ᠲᠡᠦᠬᠡ︾ ᠭᠡᠬᠦ ᠨᠤᠮ ᠠᠴᠠ ᠪᠠᠭᠤᠯᠭᠠᠪᠠ᠃