ᠰᠢᠳᠦᠭᠡᠨ ᠤᠪᠤᠭ᠎ᠠ
ᠨᠡᠶᠢᠲᠡᠯᠡᠭᠰᠡᠨ ᠴᠠᠭ᠄
2019/1/2
        ᠰᠢᠳᠦᠭᠡᠨ ᠤᠪᠤᠭ᠎ᠠ ᠪᠤᠯ ᠳᠠᠯᠠᠳ ᠬᠤᠰᠢᠭᠤᠨ ᠤ ᠰᠤᠬᠠᠶᠢᠳᠤ ᠰᠢᠶᠠᠩ ᠤᠨ ᠷᠠᠰᠢᠴᠤᠶᠢᠯᠢᠩ ᠤᠨ ᠰᠦᠮ᠎ᠡ  ᠶᠢᠨ ᠵᠡᠭᠦᠨ ᠬᠤᠶᠢᠳᠤ ᠳᠠᠬᠢ ᠰᠢᠲᠦᠭᠡᠨ ᠬᠡᠮᠡᠬᠦ ᠦᠨᠳᠦᠷ ᠤᠷᠤᠢ ᠳᠡᠭᠡᠷ᠎ᠡ ᠪᠤᠰᠬᠠᠭᠰᠠᠨ ᠠᠷᠪᠠᠨ ᠬᠤᠶᠠᠷ ᠴᠡᠷᠢᠭ ᠤᠪᠤᠭ᠎ᠠ ᠲᠠᠢ ᠪᠤᠷᠭᠠᠰᠤᠨ ᠮᠤᠳᠤᠨ ᠰᠠᠭᠰᠤᠭᠠᠢ ᠲᠠᠢ ᠬᠠᠳᠠᠨ ᠤᠪᠤᠭ᠎ᠠ ᠶᠤᠮ᠃ ᠳᠤᠰ ᠤᠪᠤᠭ᠎ᠠ ᠶᠢ ᠮᠡᠷᠭᠡᠳ ᠬᠠᠷᠢᠶᠠᠨ ᠤ ᠵᠡᠯᠡᠨ ᠪᠤᠯᠤᠨ ᠰᠣᠮᠣᠨ ᠵᠠᠩᠭᠢ ᠨᠠᠷ ᠡᠷᠬᠢᠯᠡᠨ ᠠᠳᠡᠬᠢ ᠶᠢᠨ ᠤᠶᠢᠷ᠎ᠠ ᠤᠷᠴᠢᠮ ᠤᠨ ᠠᠶᠢᠯ ᠡᠷᠦᠬᠡ  ᠨᠦᠭᠦᠳ ᠤᠷᠤᠯᠴᠠᠨ ᠤᠷᠳᠤᠰ ᠲᠤᠭᠠᠯᠠᠯ ᠤᠨ ᠨᠠᠢᠮᠠᠨ ᠰᠠᠷ᠎ᠠ ᠶᠢᠨ ᠠᠷᠪᠠᠨ ᠭᠤᠷᠪᠠᠨ ᠳᠤ ᠬᠤᠨᠢᠨ ᠦᠳᠬᠡ ᠰᠢᠭᠦᠰᠦ ᠂ ᠰᠤᠭ ᠳᠡᠭᠡᠵᠢ ᠪᠠᠷ ᠳᠠᠬᠢᠵᠦ᠂ ᠪᠦᠬᠡ ᠪᠠᠷᠢᠯᠳᠤᠬᠤ᠂ ᠮᠤᠷᠢ ᠤᠷᠤᠯᠳᠤᠭᠤᠯᠬᠤ ᠮᠡᠳᠦ ᠶᠢᠨ ᠶᠡᠭᠡ ᠨᠠᠶᠢᠷ ᠨᠠᠭᠠᠳᠤᠮ  ᠲᠠᠢ ᠳᠠᠬᠢᠯᠭ᠎ᠠ ᠶᠢ ᠬᠢᠳᠡᠭ᠃ ᠳᠠᠬᠢᠭᠰᠠᠨ ᠡᠳᠦᠷ ᠲᠡᠭᠡᠨ ᠤᠪᠤᠭᠠᠨ ᠤ ᠰᠤᠭ ᠳᠡᠭᠡᠵᠢ᠂ ᠤᠭᠤᠴᠠ᠂ ᠲᠤᠯᠤᠭᠠᠢ ᠶᠢ ᠳᠠᠯᠠᠳ ᠨᠤᠶᠠᠨ ᠳᠤ ᠬᠦᠷᠭᠡᠵᠦ ᠤᠪᠤᠭ᠎ᠠ ᠳᠠᠬᠢᠭᠰᠠᠨ ᠶᠠᠪᠤᠳᠠᠯ ᠢᠶᠠᠨ ᠮᠡᠳᠡᠭᠦᠯᠳᠡᠭ ᠪᠠᠶᠢᠵᠠᠢ᠃
ᠢᠷᠡᠯᠲᠡ᠄ ︽ᠳᠠᠯᠠᠳ ᠤᠨ ᠰᠤᠶᠤᠯ ᠲᠡᠦᠬᠡ︾ ᠭᠡᠬᠦ ᠨᠤᠮ ᠠᠴᠠ ᠪᠠᠭᠤᠯᠭᠠᠪᠠ᠃