ᠲᠦᠮᠡᠨ ᠵᠢᠷᠭᠠᠯᠠᠩ ᠤᠨ ᠤᠪᠤᠭ᠎ᠠ ᠪᠤᠯ ᠳᠠᠯᠠᠳ ᠬᠤᠰᠢᠭᠤᠨ ᠤ ᠠᠰᠠᠷ ᠤᠨ ᠬᠤᠭᠤᠯᠠᠢ ᠰᠢᠶᠠᠩ ᠤᠨ | ᠬᠠᠰᠢᠯᠭ᠎ᠠ ᠶᠢᠨ ᠰᠦᠮ᠎ᠡ ᠶᠢᠨ ᠵᠡᠭᠦᠨ ᠬᠤᠶᠢᠳᠠᠢ᠂ ᠬᠠᠰᠢᠯᠭ᠎ᠠ ᠶᠢᠨ ᠭᠤᠤᠯ ᠤᠨ ᠬᠤᠶᠢᠳᠤ ᠤᠷᠤᠢ ᠳᠡᠭᠡᠷ᠎ᠡ | ᠪᠤᠰᠬᠠᠭᠰᠠᠨ ᠵᠤᠯ ᠵᠢᠷᠭᠠᠯᠠᠩ ᠤᠨ ᠳᠡᠭᠷᠢ ᠶᠢ ᠤᠷᠤᠰᠢᠭᠤᠯᠤᠨ ᠳᠠᠬᠢᠭᠰᠠᠨ ᠤᠪᠤᠭ᠎ᠠ ᠶᠤᠮ᠃ ᠳᠤᠰ ᠤᠪᠤᠭ᠎ᠠ ᠶᠢ | ᠳᠠᠯᠠᠳ ᠬᠤᠰᠢᠭᠤᠨ ᠤ ᠵᠠᠰᠠᠭ ᠨᠤᠶᠠᠨ ᠠᠴᠠ ᠦᠪᠡᠷ ᠤᠨ ᠪᠡᠶ᠎ᠡ ᠪᠠᠷ ᠢᠶᠠᠨ ᠡᠷᠬᠢᠯᠡᠨ ᠳᠠᠬᠢᠳᠠᠭ ᠪᠦᠭᠡᠳ ᠤᠶᠢᠷ᠎ᠠ | ᠤᠷᠴᠢᠮ ᠤᠨ ᠮᠠᠯᠴᠢᠨ ᠠᠷᠠᠳ ᠴᠤ ᠳᠠᠬᠢᠯᠭ᠎ᠠ ᠳᠤ ᠬᠦᠷᠦᠯᠴᠡᠨ ᠢᠷᠡᠵᠦ᠂ ᠤᠷᠳᠤᠰ ᠲᠤᠭᠠᠯᠠᠯ ᠤᠨ ᠨᠠᠢᠮᠠᠨ ᠰᠠᠷ᠎ᠠ | ᠶᠢᠨ ᠠᠷᠪᠠᠨ ᠭᠤᠷᠪᠠᠨ ᠳᠤ ᠦᠳᠬᠡ ᠰᠢᠭᠦᠰᠤ ᠪᠠᠷ ᠳᠠᠬᠢᠵᠦ᠂ ᠪᠦᠬᠡ ᠪᠠᠷᠢᠯᠳᠤᠬᠤ ᠮᠤᠷᠢ ᠤᠷᠤᠯᠳᠤᠬᠤ ᠨᠠᠶᠢᠷ | ᠨᠠᠭᠠᠳᠤᠮ ᠬᠢᠳᠡᠭ ᠪᠠᠶᠢᠵᠠᠢ᠃ ᠰᠡᠭᠦᠯ ᠳᠤ᠂ ᠬᠦᠨᠳᠡᠢ ᠬᠠᠷᠢᠶᠠᠨ ᠳᠤ ᠬᠠᠮᠢᠶᠠᠷᠠᠭᠤᠯᠤᠨ ᠳᠠᠬᠢᠭᠤᠯᠤᠭᠰᠠᠨ ᠠᠴᠠ | ᠬᠤᠶᠢᠰᠢ ᠳᠤᠰ ᠬᠠᠷᠢᠶ᠎ᠠ ᠨᠢ ᠳᠠᠬᠢᠭᠰᠠᠨ ᠡᠳᠦᠷ ᠲᠡᠭᠡᠨ ᠳᠠᠯᠠᠳ ᠨᠤᠶᠠᠨ ᠳᠤ ᠤᠪᠤᠭᠠᠨ ᠰᠤᠭ᠂ ᠳᠡᠭᠡᠵᠢ ᠭᠡᠰᠢᠭ ᠢ | ᠬᠦᠷᠭᠡᠳᠡᠭ ᠪᠤᠯᠵᠠᠢ᠃ |