ᠴᠤᠭᠳᠤᠪᠠᠶᠠᠨ ᠤᠪᠤᠭ᠎ᠠ
ᠨᠡᠶᠢᠲᠡᠯᠡᠭᠰᠡᠨ ᠴᠠᠭ᠄
2019/1/2
       ᠴᠤᠭᠳᠤᠪᠠᠶᠠᠨ ᠤᠪᠤᠭ᠎ᠠ ᠪᠤᠯ ᠳᠠᠯᠠᠳ ᠬᠤᠰᠢᠭᠤᠨ ᠤ ᠤᠪᠤᠭᠠᠨ ᠰᠢᠯᠢ ᠰᠢᠶᠠᠩ ᠤᠨ ᠬᠤᠶᠢᠳᠠᠢ ᠤᠪᠤᠭᠠᠨ ᠰᠢᠯᠢ ᠶᠢᠨ ᠤᠷᠤᠢ ᠳᠡᠭᠡᠷ᠎ᠡ ᠳᠠᠯᠠᠳ ᠤᠨ ᠵᠡᠭᠦᠨ ᠨᠤᠶᠠᠨ ᠴᠤᠭᠳᠤᠪᠤᠶᠠᠨ ᠠᠴᠠ ᠴᠤᠭ ᠰᠦᠯᠳᠡ ᠶᠢᠨ ᠲᠡᠭᠷᠢ ᠶᠢᠨ ᠬᠡᠶᠢᠮᠤᠷᠢ ᠯᠤᠩᠳᠠ ᠶᠢ ᠤᠷᠤᠰᠢᠭᠤᠯᠤᠨ ᠳᠠᠬᠢᠭᠰᠠᠨ ᠤᠪᠤᠭ᠎ᠠ ᠶᠤᠮ᠃        ᠳᠤᠰ ᠤᠪᠤᠭ᠎ᠠ ᠶᠢ ᠳᠠᠬᠢᠬᠤ ᠳᠠᠷᠬᠠᠨ ᠬᠢᠶ᠎ᠡ ᠬᠡᠮᠡᠬᠦ ᠴᠤᠭᠳᠤᠪᠠᠶᠠᠨ ᠤ ᠦᠷ᠎ᠡ ᠬᠤᠶᠢᠴᠢᠰ ᠨᠢ ᠦᠶ᠎ᠡ ᠤᠯᠠᠷᠢᠨ ᠤᠯᠠᠮᠵᠢᠯᠠᠨ ᠳᠠᠬᠢᠬᠤ ᠦᠶ᠎ᠡ ᠳᠤ᠂ ᠳᠠᠯᠠᠳ ᠬᠤᠰᠢᠭᠤᠨ ᠤ ᠨᠤᠶᠠᠳ ᠳᠦᠰᠢᠮᠡᠳ ᠪᠤᠶᠤ ᠳᠠᠶᠢᠵᠢ ᠨᠠᠷ ᠵᠢᠴᠢ ᠠᠳᠡᠬᠢ ᠶᠢᠨ ᠮᠠᠯᠴᠢᠨ ᠠᠷᠠᠳ ᠲᠠᠢ᠂ ᠤᠷᠳᠤᠰ ᠲᠤᠭᠠᠯᠠᠯ ᠤᠨ ᠨᠠᠢᠮᠠᠨ ᠰᠠᠷ᠎ᠠ ᠶᠢᠨ ᠠᠷᠪᠠᠨ ᠭᠤᠷᠪᠠᠨ ᠳᠤ ᠬᠤᠨᠢ ᠠᠯᠠᠨ ᠬᠤᠨᠢᠨ ᠤ ᠬᠠᠯᠠᠭᠤᠨ ᠴᠢᠰᠤ ᠪᠠᠷ ᠤᠪᠤᠭ᠎ᠠ ᠪᠠᠨ ᠳᠠᠬᠢᠵᠦ᠂ ᠪᠠᠰᠠ ᠡᠷ᠎ᠡ ᠶᠢᠨ ᠭᠤᠷᠪᠠᠨ ᠨᠠᠭᠠᠳᠤᠮ ᠢ ᠬᠢᠵᠦ᠂ ᠪᠦᠬᠦᠯᠢ ᠨᠢᠭᠡ ᠡᠳᠦᠷ ᠤᠨ ᠴᠤᠭᠯᠠᠭᠠᠨ ᠪᠤᠯᠳᠠᠭ ᠪᠠᠶᠢᠵᠠᠢ᠃
ᠢᠷᠡᠯᠲᠡ᠄ ︽ᠳᠠᠯᠠᠳ ᠤᠨ ᠰᠤᠶᠤᠯ ᠲᠡᠦᠬᠡ︾ ᠭᠡᠬᠦ ᠨᠤᠮ ᠠᠴᠠ ᠪᠠᠭᠤᠯᠭᠠᠪᠠ᠃