ᠳᠠᠯᠠᠳ ᠬᠤᠰᠢᠭᠤᠨ ᠤ ᠪᠠᠩ ᠴᠸᠡᠭ ᠮᠤᠷᠢᠨ ᠮᠡᠷᠭᠡᠵᠢᠯ ᠤᠨ ᠺᠯᠦ᠋ᠪ
ᠨᠡᠶᠢᠲᠡᠯᠡᠭᠰᠡᠨ ᠴᠠᠭ᠄
2019/1/8
        ᠪᠠᠩ ᠴᠧᠩ ᠮᠤᠷᠢᠨ ᠮᠡᠷᠭᠡᠵᠢᠯ ᠤᠨ ᠺᠯᠦ᠋ᠪ ᠨᠢ ᠳᠠᠯᠠᠳ ᠬᠤᠰᠢᠭᠤᠨ ᠤ  ᠽᠠᠨᠳᠠᠨᠵᠦ ᠰᠤᠮᠤᠨ ᠤ ᠲᠤᠯᠤᠭᠠᠨ ᠬᠠᠯᠵᠠᠨ ᠳᠤᠰᠬᠤᠨ ᠳᠤ ᠪᠠᠶᠢᠷᠢᠯᠠᠵᠦ᠂ 2006 ᠤᠨ ᠳᠤ ᠪᠠᠶᠢᠭᠤᠯᠤᠭᠳᠠᠵᠦ᠂ ᠲᠠᠯᠠᠪᠠᠢ ᠨᠢ1000 ᠭᠠᠷᠤᠢ ᠮᠤ᠋ ᠪᠠᠶᠢᠵᠦ᠂ ᠤᠯᠠᠨ ᠤᠯᠤᠰ ᠤᠨ ᠪᠠᠷᠢᠮᠵᠢᠶ᠎ᠠ ᠲᠠᠢ ᠵᠦᠴᠢᠶ᠎ᠡ ︵ᠮᠤᠷᠢᠨ ᠤ ᠫᠧᠩ ᠰᠠᠷᠠᠪᠴᠢ︶᠂  ᠭᠡᠷ ᠳᠤᠳᠤᠷᠠᠬᠢ ᠮᠤᠷᠢᠨ ᠮᠡᠷᠭᠡᠵᠢᠯ ᠤᠨ ᠤᠷᠳᠤᠨ᠂  ᠬᠤᠷᠳᠤᠨ ᠮᠤᠷᠢᠨ ᠤ ᠤᠷᠤᠯᠳᠤᠭᠠᠨ ᠤ ᠲᠠᠯᠠᠪᠠᠢ ᠪᠤᠯᠤᠨ ᠲᠠᠪᠤᠨ ᠤᠳᠤᠨ ᠳᠡᠰ ᠤᠨ ᠬᠢᠷᠢ ᠳᠦᠪᠰᠢᠨ ᠪᠦᠬᠦᠢ ᠬᠦᠯᠢᠶᠠᠨ ᠠᠪᠬᠤ ᠳᠦᠪ ᠲᠠᠢ︔ ᠡᠭᠦᠨ ᠳᠤ ᠨᠡᠶᠢᠳᠡ200 ᠦᠷᠦᠭᠡ ᠵᠦᠴᠢᠶ᠎ᠡ ᠲᠠᠢ ᠪᠠᠶᠢᠵᠦ᠂ ᠤᠯᠠᠨ ᠴᠢᠳᠠᠪᠤᠷᠢᠳᠤ ᠭᠡᠷ ᠳᠤᠳᠤᠷᠠᠬᠢ ᠤᠷᠳᠤᠨ ᠨᠢ ᠡᠯ᠎ᠡ ᠲᠦᠷᠦᠯ ᠤᠨ ᠮᠤᠷᠢᠨ ᠮᠡᠷᠭᠡᠵᠢᠯ ᠤᠨ ᠤᠷᠤᠯᠳᠤᠭᠠᠨ ᠪᠠ ᠳᠤᠭᠯᠠᠯᠳᠠ ᠳᠤ ᠵᠤᠷᠢᠭᠤᠯᠤᠨ‌‍ᠲ᠋ᠤᠬᠢᠷᠠᠭᠤᠯᠵᠦ᠂ ᠬᠤᠷᠳᠤᠨ ᠮᠤᠷᠢᠨ ᠤ ᠤᠷᠤᠯᠳᠤᠭᠠᠨ ᠤ ᠲᠠᠯᠠᠪᠠᠢ ᠨᠢ ᠤᠯᠠᠨ ᠤᠯᠤᠰ ᠤᠨ ᠪᠠᠷᠢᠮᠵᠢᠶ᠎ᠠ  ᠲᠠᠢ2000 ᠮᠧᠲᠷ ᠤᠨ ᠲᠠᠯᠠᠪᠤᠷ‌‍ᠲ᠋ᠠᠢ ᠪᠠᠶᠢᠵᠦ᠂ ᠰᠤᠷᠭᠠᠭᠤᠯᠢᠯᠠᠯ ᠤᠨ ᠲᠠᠯᠠᠪᠤᠷ ᠤᠨ ᠲᠠᠯᠠᠪᠠᠢ ᠨᠢ 600 ᠮᠤ᠋ ᠲᠤ ᠬᠦᠷᠴᠦ ᠪᠠᠶᠢᠳᠠᠭ᠃ ᠬᠦᠯᠢᠶᠡᠨ ᠠᠪᠬᠤ ᠲᠦᠪ ᠲᠤ ᠪᠠᠭᠠᠵᠢ ᠬᠡᠷᠡᠭᠰᠡᠯ ᠤᠨ ᠳᠠᠰᠤᠭ᠂ ᠪᠠᠶ᠎ᠠ ᠪᠤᠯᠪᠠᠰᠤᠷᠠᠭᠤᠯᠬᠤ ᠳᠠᠰᠤᠭ᠂ ᠬᠤᠪᠴᠠᠰᠤ ᠰᠤᠯᠢᠬᠤ ᠳᠠᠰᠤᠭ ᠳᠤᠬᠢᠷᠠᠭᠤᠯᠤᠭ᠎ᠠ ᠦᠭᠡᠢ᠂VIP ᠵᠤᠴᠢᠨ ᠤ ᠦᠷᠦᠭᠡ 50 ᠭᠠᠷᠤᠢ ᠳᠠᠰᠤᠯᠭ᠎ᠠ ᠪᠠᠶᠢᠵᠦ᠂ ᠤᠯᠠᠨ‌ᠤᠯᠤᠰ ᠤᠨ ᠤᠷᠤᠯᠳᠤᠭᠠᠨ ᠢ ᠡᠷᠬᠢᠯᠡᠨ ᠬᠢᠬᠦ ᠦᠨᠳᠦᠰᠦᠨ ᠨᠦᠭᠦᠴᠡᠯ ᠢ ᠪᠦᠷᠢᠯᠳᠦᠭᠦᠯᠦᠭᠰᠡᠨ ᠪᠠᠶᠢᠨ᠎ᠠ᠃

       ᠲᠤᠮᠤ ᠬᠡᠯᠪᠡᠷᠢ ᠶᠢᠨ ᠮᠤᠷᠢᠨ ᠰᠤᠶᠤᠯ ᠤᠨ ᠤᠷᠤᠯᠳᠤᠭᠠᠨ ᠪᠠ ᠳᠤᠭᠯᠠᠯᠳᠠ ᠶᠢ ᠦᠷᠨᠢᠭᠦᠯᠬᠦ ᠶᠢᠨ ᠲᠦᠯᠦᠭᠡ᠂ ᠪᠠᠩ ᠴᠧᠩ ᠮᠤᠷᠢᠨ ᠮᠡᠷᠭᠡᠵᠢᠯ ᠤᠨ ᠺᠯᠦ᠋ᠪ ᠨᠢ

ᠳᠤᠰᠬᠠᠶᠢᠯᠠᠨ ᠡᠸᠦ᠋ᠷᠤᠫᠡ ᠠᠮᠧᠷᠢᠺᠠ ᠠᠴᠠ ᠡᠯ᠎ᠡ ᠳᠦᠷᠦᠯ ᠤᠨ ᠤᠷᠤᠯᠳᠤᠭᠠᠨ ᠤ ᠮᠤᠷᠢ ᠪᠤᠯᠤᠨ ᠳᠤᠭᠯᠠᠯᠳᠠ ᠶᠢᠨ ᠮᠤᠷᠢ ᠬᠤᠳᠠᠯᠳᠤᠨ ᠠᠪᠴᠠᠢ︔ 2012 ᠣᠨ ᠤ ᠡᠬᠢ

 ᠪᠠᠷ ᠺᠯᠦ᠋ᠪ ᠨᠢ ᠬᠡᠳᠦᠨ ᠪᠦᠯᠦᠭ ᠮᠤᠷᠢᠨ ᠤ ᠳᠤᠰᠬᠠᠢ ᠮᠡᠷᠭᠡᠵᠢᠯᠳᠡᠨ ᠢ ᠲᠤᠮᠢᠯᠠᠨ‌ᠠᠮᠧᠷᠢᠺᠠ ᠶᠢᠨ ᠪᠠᠷᠠᠭᠤᠨ ᠭᠡᠰᠡᠭ ᠤᠨ ᠡᠯ᠎ᠡ ᠳᠤᠮᠤ ᠬᠡᠯᠪᠡᠷᠢ ᠶᠢᠨ ᠲᠠᠷᠢᠶᠠᠯᠠᠩ ᠤᠨ ᠲᠠᠯᠠᠪᠤᠷ

 ᠲᠤ ᠬᠦᠷᠴᠦ᠂ ᠨᠢᠭᠡ ᠰᠠᠷ᠎ᠠ ᠭᠠᠷᠣᠢ ᠶᠢᠨ ᠨᠠᠷᠢᠯᠢᠭ ᠪᠠᠶᠢᠴᠠᠭᠠᠨ ᠰᠤᠩᠭᠤᠯᠳᠠ ᠪᠠᠷ ᠳᠠᠮᠵᠢᠨ67 ᠰᠢᠯᠭᠠᠷᠠᠭᠰᠠᠨ ᠮᠤᠷᠢ ᠶᠢ ᠬᠤᠳᠠᠯᠳᠤᠨ ᠠᠪᠴᠠᠢ᠃ ᠡᠭᠦᠨ ᠤ ᠬᠠᠮᠳᠤ

ᠪᠠᠰᠠ ᠳᠤᠰᠬᠠᠢ ᠬᠦᠮᠦᠨ ᠲᠤᠮᠢᠯᠠᠨ‌ᠡᠸᠦ᠋ᠷᠤᠫᠡ ᠲᠦᠪ ᠲᠤ ᠬᠦᠷᠴᠦ 11 ᠪᠤᠯᠪᠠᠰᠤᠷᠠᠭᠰᠠᠨ ᠬᠠᠰᠢᠷ ᠳᠤᠭᠯᠠᠯᠳᠠ ᠶᠢᠨ ᠮᠤᠷᠢ ᠬᠤᠳᠠᠯᠳᠤᠨ ᠠᠪᠴᠦ᠂ ᠡᠳᠡᠭᠡᠷ ᠮᠤᠷᠢ ᠶᠢ

ᠰᠤᠷᠭᠠᠵᠦ ᠠᠷᠠᠴᠢᠯᠠᠬᠤ ᠶᠢᠨ ᠲᠦᠯᠦᠭᠡ᠂ ᠪᠠᠩ ᠴᠧᠩ ᠮᠤᠷᠢᠨ ᠮᠡᠷᠭᠡᠵᠢᠯ ᠤᠨ ᠺᠯᠦ᠋ᠪ ᠨᠢ ᠳᠤᠰᠬᠠᠶᠢᠯᠠᠨ ᠳᠤᠰᠬᠠᠢ ᠮᠡᠷᠭᠡᠵᠢᠯ ᠤᠨ ᠮᠠᠯ ᠤᠨ ᠡᠮᠴᠢ᠂ ᠮᠤᠷᠢᠨ ᠤ

ᠠᠷᠠᠴᠢᠯᠠᠭᠴᠢ᠂ ᠮᠤᠷᠢᠨ ᠤ ᠰᠤᠷᠭᠠᠭᠤᠯᠢᠭᠴᠢ ᠪᠤᠯᠤᠨ ᠮᠤᠷᠢᠨ ᠮᠡᠷᠭᠡᠵᠢᠯ ᠤᠨ ᠰᠤᠷᠭᠠᠭᠴᠢ ᠵᠡᠷᠭᠡ 30 ᠭᠠᠷᠤᠢ ᠬᠦᠮᠦᠰ ᠲᠠᠢ ᠤᠯᠤᠰ ᠤᠨ ᠳᠡᠰ ᠤᠨ ᠰᠢᠯᠭᠠᠷᠠᠭᠰᠠᠨ ᠮᠤᠷᠢᠨ

ᠮᠡᠷᠭᠡᠵᠢᠯ ᠤᠨ ᠪᠦᠯᠬᠦᠮ ᠢ ᠤᠷᠢᠨ ᠠᠪᠴᠢᠷᠠᠭᠰᠠᠨ ᠪᠠᠶᠢᠨ᠎ᠠ᠃ ᠤᠯᠤᠰ ᠤᠨ ᠳᠤᠳᠤᠭᠠᠳᠤᠬᠢ ᠪᠤᠰᠤᠳ ᠮᠤᠷᠢᠨ ᠮᠡᠷᠭᠡᠵᠢᠯ ᠤᠨ ᠺᠯᠦ᠋ᠪ ᠲᠠᠢ ᠬᠠᠷᠢᠴᠠᠭᠤᠯᠪᠠᠯ᠂ ᠪᠠᠩ ᠴᠧᠩ

ᠮᠤᠷᠢᠨ ᠮᠡᠷᠭᠡᠵᠢᠯ ᠤᠨ ᠺᠯᠦ᠋ᠪ ᠨᠢ ᠡᠯ᠎ᠡ ᠲᠠᠯ᠎ᠠ ᠶᠢᠨ ᠮᠤᠷᠢᠨ ᠮᠡᠷᠭᠡᠵᠢᠯ ᠤᠨ ᠰᠤᠷᠭᠠᠭᠤᠯᠢᠯ ᠤᠨ ᠲᠠᠯ᠎ᠠ ᠪᠠᠷ ᠲᠡᠷᠢᠭᠦᠯᠡᠵᠦ᠂ ᠵᠢᠯ ᠪᠤᠯᠭᠠᠨ ᠶᠡᠭᠡ ᠠᠷᠪᠢᠨ ᠮᠤᠷᠢᠨ‌‍ᠤ ᠪᠠᠭ᠋ᠠᠳᠠᠳ

ᠳᠦᠷᠪᠡᠨ ᠵᠦᠭ ᠠᠴᠠ ᠬᠦᠷᠦᠯᠴᠡᠨ ᠢᠷᠡᠵᠦ ᠲᠤᠭᠤᠷᠢᠨ ᠪᠠᠶᠢᠴᠠᠭᠠᠯᠳᠠ ᠬᠢᠬᠦ ᠶᠢᠨ ᠬᠠᠮᠳᠤ ᠮᠤᠷᠢᠨ ᠮᠡᠷᠭᠡᠵᠢᠯ ‍ᠤᠨ‌‍ᠰᠤᠷᠭᠠᠭᠤᠯᠢᠯᠠᠯ ᠢ ᠬᠦᠯᠢᠶᠡᠳᠡᠭ᠃

ᠳᠤᠰᠬᠠᠶᠢᠯᠠᠭᠰᠠᠨ‌ᠮᠤᠷᠢᠨ ᠮᠡᠷᠭᠡᠵᠢᠯ ᠤᠨ ᠪᠦᠯᠬᠦᠮ ᠤᠨ ᠵᠢᠭᠠᠨ ᠵᠢᠯᠤᠭᠤᠳᠤᠯᠭ᠎ᠠ ᠳᠤᠤᠷ᠎ᠠ᠂ ᠺᠯᠦ᠋ᠪ ᠨᠢ ᠡᠯ᠎ᠡ ᠲᠦᠷᠦᠯ ᠤᠨ ᠮᠤᠷᠢᠨ ᠮᠡᠷᠭᠡᠵᠢᠯ ᠤᠨ ᠤᠷᠤᠯᠳᠤᠭᠠᠨ ᠳᠤ

ᠴᠤᠯᠭᠤᠷᠠᠨ ᠭᠠᠷᠴᠦ᠂ ᠦᠩᠭᠡᠷᠡᠭᠰᠡᠨ ᠳᠤ ᠤᠯᠠᠨ ᠠᠷᠪᠢᠨ ᠤᠯᠤᠰ ᠤᠨ ᠳᠡᠰ ᠤᠨ ᠪᠤᠯᠤᠨ ᠤᠷᠤᠨ ᠨᠤᠳᠤᠭ ᠤᠨ ᠳᠠᠰ ᠤᠨ ᠱᠠᠩᠨᠠᠯ ᠬᠦᠷᠳᠡᠵᠡᠢ᠃

ᠢᠷᠡᠯᠲᠡ᠄ ᠳᠠᠯᠠᠳ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ