ᠲᠦᠷᠦᠭᠰᠡᠨ ᠦᠷ᠎ᠡ ᠠᠴᠠ ᠪᠠᠨ ᠳᠠᠶᠢᠨ ᠤ ᠲᠤᠭᠤᠰᠤᠨ ᠳᠤᠮᠳᠠ ᠬᠠᠭᠠᠴᠠᠵᠦ᠂ ᠡᠷ᠎ᠡ ᠨᠦᠬᠦᠷ ᠭᠠᠯᠳᠠᠨ | ᠪᠣᠱᠣᠭᠲᠦ ᠳᠠᠭᠠᠨ ᠦᠨᠡᠨᠴᠢ ᠪᠠᠷ ᠵᠢᠳᠭᠦᠨ᠂ ᠮᠣᠩᠭᠤᠯ ᠲᠦᠷᠦ ᠶᠢᠨ ᠡᠪ ᠨᠢᠭᠡᠲᠦᠯ ᠤᠨ ᠲᠦᠯᠦᠭᠡ ᠵᠠᠯᠠᠭᠤ ᠽᠠᠨᠳᠠᠨ | ᠨᠠᠰᠤ ᠪᠠᠨ ᠡᠷᠭᠦᠭᠰᠡᠨ ᠠᠨᠤ ᠬᠠᠳᠤᠨ ᠪᠤᠯ ᠰᠡᠴᠡᠨ ᠮᠠᠨᠳᠤᠬᠠᠢ ᠰᠢᠭ᠋ ᠳᠣᠮᠣᠭᠲᠦ ᠬᠠᠳᠤᠨ᠂ ᠨᠣᠮᠤ ᠶᠢᠨ | ᠬᠦᠪᠴᠢᠨ ᠳᠤ ᠡᠷᠡᠬᠡᠢ ᠨᠢ ᠡᠪᠡᠷᠰᠢᠭᠰᠡᠨ ᠵᠣᠷᠢᠭᠲᠣ ᠡᠮᠡᠭᠲᠠᠢ ᠶᠤᠮ᠃ ᠬᠠᠷᠢ ᠮᠠᠨᠵᠣ ᠶᠢᠨ ᠡᠰᠡᠷᠭᠦ ᠡᠷ᠎ᠡ | ᠨᠦᠬᠦᠷ ᠤᠨ ᠢᠶᠠᠨ ᠬᠠᠮᠳᠤ ᠴᠢᠩ ᠵᠤᠷᠢᠭ ᠪᠠᠷᠢᠨ ᠲᠤᠯᠤᠯᠳᠤᠵᠤ᠂ ᠡᠬᠡ ᠣᠷᠣᠨ ᠤ ᠪᠠᠨ ᠲᠣᠰᠠᠭᠠᠷ ᠲᠣᠭᠲᠠᠨᠢᠯ ᠢ | ᠬᠠᠮᠠᠭᠠᠯᠠᠵᠣ ᠶᠠᠪᠤᠭᠰᠠᠨ ᠢᠶᠠᠷ ᠢᠶᠠᠨ ᠠᠨᠤ ᠬᠠᠳᠤᠨ ᠮᠣᠩᠭᠤᠯ ᠤᠨ ᠲᠡᠦᠬᠡᠨ᠎ᠡ ᠮᠠᠰᠢ ᠲᠣᠳᠣ ᠦᠯᠡᠳᠡᠵᠡᠢ᠃ ᠲᠡᠭᠦᠨ ᠤ | ᠨᠦᠬᠦᠷ ᠭᠠᠯᠳᠠᠨ ︵1644 ᠊᠊᠊᠊ 1697︶ ᠲᠦᠪ ᠠᠽᠢᠶ᠎ᠠ ᠳᠤ ᠶᠠᠪᠤᠭᠤᠯᠣᠭᠰᠠᠨ ᠮᠠᠨᠵᠣ ᠶᠢᠨ ᠪᠣᠳᠣᠯᠭ᠎ᠠ ᠶᠢ | ᠰᠡᠭᠦᠯᠴᠢ ᠶᠢᠨ ᠡᠳᠦᠷ ᠢᠶᠠᠨ ᠬᠦᠷᠳᠡᠯ᠎ᠡ ᠡᠰᠡᠷᠭᠦᠴᠡᠭᠰᠡᠨ ᠲᠠᠶᠢᠴᠢᠨ ᠲᠡᠮᠡᠴᠡᠭᠴᠢ ᠪᠦᠯᠦᠭᠡ᠃ ᠲᠤᠩ ᠴᠢᠬᠤᠯᠠ | ᠰᠢᠷᠦᠭᠦᠨ ᠴᠠᠭ ᠦᠶ᠎ᠡ ᠳᠤ ᠭᠠᠯᠳᠠᠨ ᠨᠢ ᠵᠡᠭᠦᠨᠭᠠᠷ ᠤᠨ ᠣᠯᠤᠰ ᠤᠨ ᠬᠠᠭᠠᠨ ᠰᠢᠷᠡᠭᠡᠨ ᠳᠤ ᠰᠠᠭᠤᠵᠤ᠂ ᠪᠦᠬᠦ | ᠣᠶᠢᠷᠠᠳ ᠢ ᠨᠢᠭᠡᠳᠬᠡᠨ ᠵᠠᠬᠢᠷᠴᠤ ᠪᠠᠬᠢᠵᠢᠭᠦᠯᠦᠭᠰᠡᠨ ᠭᠠᠪᠢᠶ᠎ᠠ ᠲᠠᠢ ᠬᠦᠮᠦᠨ᠃ ᠣᠯᠤᠰ ᠣᠷᠣᠨ ᠤ ᠪᠠᠨ ᠡᠳ᠋ ᠤᠨ | ᠵᠠᠰᠠᠭ ᠢ ᠦᠭᠡᠳᠡ ᠨᠢ ᠳᠠᠳᠠᠬᠤ ᠶᠢᠨ ᠲᠣᠯᠠ ᠮᠠᠯ ᠠᠵᠤ ᠠᠬᠤᠢ᠂ ᠭᠠᠵᠠᠷ ᠲᠠᠷᠢᠶᠠᠯᠠᠩ᠂ ᠭᠠᠷ ᠣᠷᠠᠯᠠᠯ | ᠬᠦᠭᠵᠢᠭᠦᠯᠵᠦ᠂ ᠰᠦᠮ᠎ᠠ ᠬᠡᠶᠢᠳ ᠢ ᠪᠠᠶᠢᠭᠤᠯᠤᠨ᠂ ᠱᠠᠰᠢᠨ ᠢ ᠳᠡᠯᠭᠡᠷᠡᠭᠦᠯᠬᠦ ᠳᠤ ᠵᠢᠳᠬᠦᠵᠦ᠂ ᠭᠠᠯᠲᠤ ᠵᠡᠪᠰᠡᠭ ᠢ | ᠮᠣᠩᠭᠤᠯ ᠳᠤ ᠠᠩᠬ ᠠ᠋ ᠣᠳᠠᠭ᠎ᠠ ᠦᠢᠯᠡᠳᠪᠦᠷᠢᠯᠡᠭᠰᠡᠨ᠂ ᠴᠡᠷᠢᠭ ᠤᠨ ᠡᠷᠳᠡᠮ ᠳᠤ ᠭᠠᠷᠮᠠᠭᠠᠢ ᠴᠡᠷᠢᠭ ᠤᠨ ᠨᠡᠷᠡᠲᠦ | ᠵᠠᠩᠵᠣᠨ ᠪᠤᠯ ᠭᠠᠯᠳᠠᠨ ᠪᠣᠱᠣᠭᠳᠣ ᠪᠠᠶᠢᠵᠠᠢ᠃ ᠭᠠᠯᠳᠠᠨ ᠤ ᠪᠠᠶᠢᠭᠤᠯᠤᠭᠰᠠᠨ ᠵᠡᠭᠦᠨᠭᠠᠷ ᠤᠨ ᠬᠠᠭᠠᠨᠲᠤ ᠣᠯᠤᠰ ᠨᠢ | 17 ᠳ᠋ᠣᠭᠠᠷ ᠵᠠᠭᠤᠨ ᠤ ᠲᠦᠪ ᠠᠽᠢᠶ᠎ᠠ ᠶᠢᠨ ᠣᠯᠤᠰ ᠲᠦᠷᠦ ᠶᠢᠨ ᠠᠮᠢᠳᠤᠷᠠᠯ ᠳᠤ ᠴᠢᠬᠤᠯᠠ ᠡᠭᠦᠷᠭᠡ | ᠭᠦᠢᠴᠡᠳᠬᠡᠭᠰᠡᠨ ᠲᠡᠦᠬᠡ ᠲᠠᠢ᠃ ᠮᠠᠨᠵᠣ ᠶᠢᠨ ᠳᠦᠷᠢᠮᠡᠬᠡᠶᠢᠯᠡᠯ ᠢ ᠰᠦᠷᠦᠨ ᠵᠤᠭᠰᠤᠭᠰᠠᠨ ᠭᠠᠯᠳᠠᠨ ᠤ ᠦᠨᠡᠨᠴᠢ | ᠲᠤᠰᠠᠯᠠᠬᠤ ᠬᠠᠮᠲᠣᠷᠠᠨ ᠵᠢᠳᠬᠦᠭᠴᠢ᠂ ᠳᠤᠮᠤᠭ ᠲᠡᠣᠬᠡ ᠶᠢᠨ ᠡᠵᠡᠨ ᠠᠨᠤ ᠣᠭ ᠨᠢ ᠭᠠᠯᠳᠠᠨ ᠤ ᠠᠬ ᠠ | ᠵᠡᠭᠦᠨᠭᠠᠷ ᠤᠨ ᠬᠠᠭᠠᠨ ᠰᠢᠷᠡᠭᠡ ᠶᠢ ᠵᠠᠯᠭᠠᠮᠵᠢᠯᠠᠭᠴᠢ ᠰᠡᠩᠬᠡ ᠶᠢᠨ ᠬᠠᠳᠤᠨ ᠪᠠᠶᠢᠵᠠᠢ᠃ ᠠᠬ᠎ᠠ ᠶᠢᠨ ᠢᠶᠠᠨ ᠪᠡᠯᠪᠡᠰᠣᠨ | ᠬᠠᠳᠤᠨ ᠠᠨᠤ ᠶᠢ ᠠᠪᠴᠦ ᠰᠠᠭᠤᠭᠰᠠᠨ ᠭᠠᠯᠳᠠᠨ ᠳᠤ ᠳᠠᠯᠠᠢ ᠯᠠᠮᠠ ᠪᠣᠱᠣᠭᠳᠣ ᠭᠡᠳᠡᠭ ᠴᠤᠯᠠ ᠡᠷᠭᠦᠮᠵᠢᠯᠡᠭᠰᠡᠨ | ᠲᠡᠦᠬᠡ ᠲᠠᠢ᠃ | ᠭᠠᠯᠳᠠᠨ ᠤ ᠡᠬᠡ ᠶᠤᠮ᠎ᠠ — ᠠᠭᠢ ᠶᠢᠨ ᠵᠦᠪᠯᠡᠭᠰᠡᠨ ᠢᠶᠠᠷ ᠠᠨᠤ ᠶᠢ ᠬᠠᠲᠤᠨ ᠢᠶᠠᠨ ᠪᠤᠯᠭᠠᠭᠰᠠᠨ ᠭᠡᠳᠡᠭ᠃ | ᠡᠨᠡ ᠨᠢ ᠲᠤᠬᠠᠢ ᠶᠢᠨ ᠦᠶ᠎ᠡ ᠳᠡᠭᠡᠨ ᠣᠶᠢᠷᠠᠳ ᠤᠨ ᠬᠠᠮᠤᠭ ᠤᠨ ᠶᠡᠭᠡ ᠨᠦᠯᠦᠭᠡ ᠲᠠᠢ ᠬᠤᠰᠢᠭᠤᠨ ᠤ ᠡᠵᠡᠨ | ᠬᠦᠴᠣᠷᠬᠡᠭ ᠸᠴᠢᠷᠳᠣ ᠰᠡᠴᠡᠨ ᠬᠠᠨ ᠤ ᠳᠡᠮᠵᠢᠯᠭᠡ ᠶᠢ ᠠᠪᠬᠤ ᠨᠢ ᠨᠡᠩ ᠴᠢᠬᠤᠯᠠ ᠪᠠᠶᠢᠭᠰᠠᠨ ᠲᠠᠢ ᠬᠤᠯᠪᠤᠭ᠋ ᠠ᠋ ᠲᠠᠢ᠂ | ᠠᠴᠢ ᠦᠬᠢᠨ ᠠᠨᠤ ᠶᠢ ᠨᠢ ᠬᠠᠲᠤᠨ ᠢᠶᠠᠨ ᠪᠣᠯᠭᠠᠭᠰᠠᠨ ᠬᠡᠷᠡᠭ᠃ ᠸᠴᠢᠷᠳᠣ ᠰᠡᠴᠡᠨ ᠬᠠᠨ ᠴᠦ ᠣᠬᠠᠭᠠᠨ ᠵᠠᠷᠣᠵᠦ | ᠣᠶᠢᠷᠠᠳ ᠤᠨ ᠬᠠᠭᠠᠨ ᠠᠴᠠ ᠲᠤᠰᠠᠯᠠᠮᠵᠢ ᠠᠪᠬᠤ ᠶᠢ ᠶᠡᠬᠡᠳᠠ ᠡᠷᠡᠮᠡᠯᠵᠡᠵᠦ ᠠᠨᠤ ᠶᠢ ᠭᠠᠯᠳᠠᠨ ᠳᠤ ᠬᠡᠷᠬᠡᠢ | ᠪᠤᠯᠭᠠᠭᠰᠠᠨ ᠭᠡᠮᠡᠳᠡᠭ᠃ ᠵᠠᠷᠢᠮ ᠵᠤᠬᠢᠶᠠᠯ ᠳᠤ ᠠᠨᠤ ᠶᠢ ᠪᠠᠭ᠎ᠠ ᠳᠠᠭᠠᠨ ᠭᠠᠯᠳᠠᠨ ᠲᠠᠢ ᠣᠶᠢᠷ᠎ᠠ ᠪᠠᠶᠢᠵᠤ᠂ ᠸᠴᠢᠷᠳᠣ | ᠰᠡᠴᠡᠨ ᠬᠠᠨ ᠤ ᠦᠷᠦᠭᠡᠨ ᠳᠤ ᠦᠰᠦᠭᠰᠡᠨ ᠭᠡᠵᠦ ᠲᠡᠮᠳᠡᠭᠯᠡᠭᠰᠡᠨ ᠨᠢ ᠴᠦ ᠪᠤᠢ᠃ ᠭᠠᠯᠳᠠᠨ ᠨᠢᠭᠡᠨᠲᠡ ᠲᠦᠪᠡᠳ ᠲᠤ | ᠱᠠᠪᠢᠯᠠᠨ ᠰᠠᠭᠤᠬᠤ ᠪᠣᠯᠣᠭᠰᠠᠨ ᠲᠣᠯᠠ ᠱᠠᠰᠢᠨ ᠨᠣᠮ ᠤᠨ ᠮᠦᠷ ᠬᠥᠭᠡᠭᠡᠭᠰᠡᠨ ᠲᠣᠯᠠ ᠭᠡᠷᠯᠡᠬᠦ ᠦᠭᠡᠢ ᠭᠡᠮᠡᠨ | ᠦᠵᠡᠭᠡᠳ ᠶᠤᠰᠤ ᠵᠢᠷᠣᠮ ᠤᠨ ᠳᠠᠭᠠᠤ ᠠᠨᠤ ᠨᠢ ᠰᠡᠩᠬᠡ ᠶᠢᠨ ᠬᠠᠳᠤᠨ ᠪᠣᠯᠣᠭᠰᠠᠨ ᠪᠢᠵᠠ᠃ ᠰᠡᠭᠦᠯ ᠳᠤᠨᠢ | ᠭᠠᠯᠳᠠᠨ ᠤ ᠬᠠᠳᠤᠨ ᠪᠣᠯᠪᠡ᠃ ᠠᠨᠣ ᠶᠢᠨ ᠲᠤᠬᠠᠢ ᠲᠡᠣᠬᠡ ᠶᠢᠨ ᠪᠢᠴᠢᠭ ᠤᠳ ᠲᠤ ᠲᠡᠳᠦ᠋ᠢᠯᠡ ᠪᠢᠴᠢᠭᠳᠡᠭᠰᠡᠨ ᠨᠢ | ᠬᠤᠪᠣᠷ᠃ ᠶᠠᠮᠠᠷ ᠴᠦ ᠠᠲᠤᠭᠠᠢ ᠭᠠᠯᠳᠠᠨ ᠤ ᠨᠢᠭᠡᠨ ᠨᠠᠰᠣᠨ ᠤ ᠬᠢᠨᠢ ᠬᠠᠨᠢ᠂ ᠵᠦᠪᠯᠡᠭᠴᠢ᠂ ᠡᠷᠡᠯᠬᠡᠭ ᠲᠠᠶᠢᠴᠢᠨ | ᠬᠦᠮᠦᠨ ᠪᠠᠶᠢᠭᠰᠠᠨ ᠭᠡᠬᠦ᠃ ᠡᠨᠡ ᠲᠤᠬᠠᠢ ᠪ᠊ · ᠷᠢᠨᠴᠢᠨ ᠭᠤᠸᠠᠢ ᠶᠢᠨ ︽ᠭᠦᠩᠵᠤ︾ ᠭᠡᠳᠡᠭ ᠲᠡᠣᠬᠡᠨ ᠵᠤᠬᠢᠶᠠᠯ ᠳᠤ | ᠨᠡᠯᠢᠶᠡᠳ ᠲᠣᠳᠣ ᠳᠦᠷᠰᠦᠯᠡᠭᠳᠡᠭᠰᠡᠨ ᠢ ᠣᠩᠰᠢᠭᠴᠢ ᠨᠠᠷ ᠮᠡᠳᠡᠬᠦ ᠪᠤᠢ ᠶᠠ᠃ ᠭᠠᠯᠳᠠᠨ᠂ ᠠᠨᠤ ᠨᠠᠷ ᠮᠠᠨᠵᠤ ᠳᠤ | ᠡᠵᠡᠯᠡᠭᠳᠡᠭᠰᠡᠨ ᠠᠷᠣ᠂ ᠦᠪᠦᠷ ᠮᠣᠩᠭᠤᠯ ᠢᠶᠠᠨ ᠪᠤᠴᠠᠭᠠᠵᠤ ᠠᠪᠬᠤ ᠶᠢᠨ ᠲᠣᠯᠠ ᠴᠢᠩ ᠣᠯᠤᠰ ᠲᠠᠢ ᠳᠠᠶᠢᠳᠤᠭᠰᠠᠨ | ᠪᠢᠯᠡ᠃ ᠣᠯᠠᠨ ᠣᠨ ᠤ ᠳᠠᠶᠢᠨ ᠳᠤ ᠭᠠᠯᠳᠠᠨ ᠤ ᠴᠡᠷᠢᠭ ᠵᠦᠳᠡᠷᠡᠭᠰᠡᠨ ᠲᠣᠯᠠ ᠣᠯᠠᠭᠠᠨ ᠪᠤᠲᠠᠩ᠂ ᠣᠯᠣᠭᠠᠢ | ᠨᠠᠭᠤᠷ ᠤᠨ ᠲᠤᠯᠤᠯᠳᠤᠭᠠᠨ ᠨᠤᠭᠤᠳ ᠲᠤ ᠬᠦᠴᠦ ᠨᠢ ᠣᠯᠠᠮ ᠰᠣᠯᠠᠷᠠᠭᠰᠠᠭᠠᠷ ᠬᠠᠯᠬ᠎ᠠ ᠶᠢᠨ ᠭᠦᠨ ᠲᠠᠶᠢᠰᠢ ᠵᠢᠯᠤᠭᠤ | ᠵᠠᠯᠠᠪᠠ᠃ ᠭᠤᠷᠪᠠᠨ ᠵᠠᠮ ᠤᠨ ᠵᠢᠷᠭᠤᠭᠠᠨ ᠲᠦᠮᠡᠨ ᠴᠡᠷᠢᠭ ᠢ ᠡ᠊ᠩᠬᠡ ᠠᠮᠤᠭᠤᠯᠠᠩ ᠬᠠᠭᠠᠨ ᠬᠦᠳᠡᠯᠭᠡᠵᠤ᠂ | ᠡᠴᠦᠰ ᠤᠨ ᠲᠣᠮᠣ ᠲᠤᠯᠤᠯᠳᠤᠭᠠᠨ ᠲᠤᠣᠯᠠ ᠭᠤᠣᠯ ᠤᠨ ᠣᠷᠴᠢᠮ᠂ ᠲᠡᠷᠡᠯᠵᠢ ᠶᠢᠨ ᠵᠠᠭᠤᠨ ᠮᠣᠳᠣ ᠭᠡᠳᠡᠭ ᠭᠠᠵᠠᠷ | 1696 ᠣᠨ ᠳᠤ ᠡᠭᠦᠰᠴᠠᠢ᠃ ᠠᠶᠤᠯ ᠦᠬᠦᠯ ᠨᠢᠭᠤᠷᠯᠠᠭᠰᠠᠨ ᠡᠶᠢᠮᠦ ᠪᠡᠷᠬᠡ ᠦᠶ᠎ᠡ ᠳᠤ ᠠᠨᠤ ᠬᠠᠳᠤᠨ | ᠨᠦᠬᠦᠷ ᠲᠠᠢ ᠪᠠᠨ ᠬᠠᠮᠳᠤ ᠪᠠᠶᠢᠵᠤ᠂ ᠬᠠᠯᠳᠠᠬᠤ ᠳᠠᠶᠢᠰᠤᠨ ᠤ ᠬᠠᠯᠬᠠᠪᠴᠢ᠂ ᠬᠠᠷᠪᠣᠬᠤ ᠰᠣᠮᠣᠨ ᠤ ᠵᠡᠪᠡ᠂ | ᠬᠠᠯᠠᠭᠤᠨ ᠠᠮᠢ ᠶᠢ ᠨᠢ ᠬᠠᠮᠠᠭᠠᠯᠠᠭᠴᠢ ᠪᠤᠯᠵᠤ ᠶᠠᠪᠣᠭᠰᠠᠨ ᠲᠡᠦᠬᠡ ᠲᠠᠢ᠃ ᠬᠤᠶᠠᠷ ᠲᠠᠯ᠎ᠠ ᠶᠢᠨ ᠴᠡᠷᠢᠭ ᠬᠦᠴᠦ | ᠲᠡᠩᠴᠡᠭᠦᠦ᠂ ᠠᠯᠢ ᠠᠯᠢ ᠨᠢ ᠭᠠᠯᠲᠤ ᠵᠡᠪᠰᠡᠭ ᠲᠠᠢ ᠪᠠᠶᠢᠭᠰᠠᠨ ᠲᠣᠯᠠ ᠪᠦᠳᠦᠨ ᠡᠳᠣᠷ ᠤᠨ ᠰᠢᠷᠦᠭᠦᠨ | ᠲᠤᠯᠤᠯᠳᠤᠭᠠᠨ ᠪᠣᠯᠵᠠᠢ᠃ | ᠠᠨᠤ ᠨᠦᠭᠦᠷ ᠤᠨ ᠬᠠᠮᠳᠤ ᠡᠷᠡᠯᠬᠡᠭ ᠢᠶᠠᠷ ᠲᠣᠯᠣᠯᠳᠣᠨ᠂ ᠮᠠᠨᠵᠤ ᠴᠡᠷᠢᠭ ᠤᠨ ᠬᠦᠷᠢᠶ᠎ᠡ ᠶᠢ ᠢᠷᠠᠵᠦ ᠵᠠᠮ | ᠭᠠᠷᠭᠠᠬᠤ ᠪᠠᠷ ᠲᠤᠯᠤᠯᠳᠤᠵᠤ ᠶᠠᠪᠣᠭᠠᠳ ᠳᠠᠶᠢᠰᠤᠨ ᠤ ᠰᠣᠮᠣᠨ ᠳᠤ ᠣᠨᠣᠭᠳᠠᠵᠤ ᠮᠤᠩᠭᠤᠯ ᠤᠨ ᠢᠶᠠᠨ ᠲᠦᠯᠦᠭᠡ | ᠠᠮᠢ ᠨᠠᠰᠤ ᠪᠠᠨ ᠡᠷᠭᠦᠭᠰᠡᠨ ᠲᠡᠦᠬᠡ ᠲᠠᠢ᠃ ︽ᠬᠠᠷᠠᠬᠤ ᠵᠡᠪᠡ ᠬᠤᠷ᠎ᠠ ᠪᠤᠷᠤᠭ᠎ᠠ ᠮᠡᠳᠦ ᠁ ᠮᠢᠨᠦ ᠦᠵᠡᠭᠰᠡᠨ | ᠠᠨᠤ ᠬᠠᠳᠤᠨ ᠫᠣᠣ ᠳᠤ ᠣᠨᠣᠭᠳᠠᠵᠤ ᠦᠬᠦᠭᠰᠡᠨ ᠁ ᠭᠠᠯᠳᠠᠨ ᠳᠦᠴᠢ ᠲᠠᠪᠢᠭᠠᠳ ᠬᠦᠮᠦᠨ ᠠᠪᠴᠦ | ᠭᠠᠷᠤᠭᠰᠠᠨ︾ ᠭᠡᠵᠦ ᠲᠡᠣᠬᠡ ᠶᠢᠨ ᠨᠢᠭᠡᠨ ᠪᠢᠴᠢᠭ ᠲᠤ ᠦᠭᠦᠯᠡᠭᠰᠡᠨ ᠠᠵᠤᠭᠤ᠃ ᠭᠤᠸ᠎ᠠ ᠦᠵᠡᠰᠭᠦᠯᠡᠩ᠂ ᠪᠢᠯᠢᠭ | ᠣᠶᠣᠨ ᠲᠡᠭᠦᠰ᠂ ᠡᠷᠡᠮᠡᠭᠡᠢ ᠵᠤᠷᠢᠭᠲᠠᠢ ᠡᠨᠡ ᠬᠠᠳᠤᠨ 1696 ᠣᠨ ᠤ 7 ᠰᠠᠷ᠎ᠠ ᠶᠢᠨ 13 ᠤ ᠡᠳᠦᠷ ᠮᠠᠨᠵᠣ ᠶᠢᠨ | ᠴᠡᠷᠢᠭ ᠲᠠᠢ ᠬᠢᠭᠰᠡᠨ ᠬᠦᠴᠦ ᠲᠡᠩᠴᠡᠬᠦᠷᠢ ᠦᠭᠡᠢ ᠳᠤᠯᠤᠯᠳᠤᠭᠠᠨ ᠳᠤ ᠮᠤᠷᠢᠨ ᠠᠴᠠ ᠪᠠᠨ ᠪᠠᠭᠤᠨ᠂ ᠭᠠᠷᠳᠠᠨ | ᠲᠤᠯᠤᠯᠳᠤᠵᠤ ᠶᠠᠪᠣᠭᠠᠳ ᠭᠠᠯᠲᠤ ᠪᠦᠮᠪᠦᠭᠡᠨ ᠳᠤ ᠣᠨᠣᠭᠳᠠᠵᠤ ᠨᠠᠰᠤ ᠪᠠᠷᠠᠭᠰᠠᠨ ᠳᠤ᠂ ᠲᠡᠭᠡᠵᠦ ᠠᠮᠢ | ᠡᠷᠡᠰᠳᠡᠬᠦ ᠶᠢ ᠨᠢ ᠬᠠᠷᠠᠭᠰᠠᠨ ᠴᠡᠷᠢᠭ ᠤᠳ ᠶᠡᠬᠡᠳᠠ ᠬᠠᠷᠠᠮᠰᠠᠵᠤ᠂ ᠳᠣᠷᠠᠰᠣᠨ ᠶᠠᠷᠢᠭᠰᠠᠭᠠᠷ ᠪᠠᠶᠢᠵᠠᠢ᠃ | ᠤᠯᠠᠨ ᠤ ᠶᠠᠷᠢᠶ᠎ᠠ ᠰᠡᠭᠦᠯ ᠳᠡᠭᠡᠨ ᠳᠤᠮᠤᠭ ᠤᠨ ᠬᠡᠯᠪᠡᠷᠢ ᠲᠠᠢ ᠪᠣᠯᠣᠭᠰᠠᠨ ᠪᠠᠶᠢᠳᠠᠭ᠃ ᠣᠯᠠᠩᠭᠠᠰᠤᠭᠰᠠᠨ | ᠲᠤᠯᠤᠯᠳᠤᠭᠠᠨ ᠤ ᠶᠠᠪᠣᠴᠠ ᠶᠢ ᠦᠨᠳᠦᠷᠯᠢᠭ ᠲᠡᠭᠡᠷ᠎ᠡ ᠠᠴᠠ ᠬᠠᠷᠠᠵᠤ ᠪᠠᠶᠢᠭᠰᠠᠨ ᠬᠠᠳᠤᠨ ᠦᠪᠡᠷ ᠤᠨ ᠲᠠᠯ᠎ᠠ ᠶᠡᠬᠡᠳᠠ | ᠬᠢᠲᠤᠭᠳᠠᠵᠤ ᠡᠬᠢᠯᠡᠩᠭᠦᠲᠡ ᠨᠢᠭᠡᠨ ᠵᠠᠭᠤᠲᠦ ᠶᠢ ᠣᠳᠣᠷᠢᠳᠣᠨ ᠳᠤᠯᠤᠯᠳᠤᠭᠠᠨ ᠳᠤ ᠣᠷᠤᠪᠠ᠃ ᠲᠡᠷᠡ | ᠪᠠᠭᠠᠳᠤᠷᠯᠢᠭ ᠢᠶᠠᠷ ᠲᠤᠯᠤᠯᠳᠤᠵᠤ ᠶᠠᠪᠣᠭᠠᠳ ᠦᠬᠦᠯ ᠤᠨ ᠰᠢᠷᠬ᠎ᠠ ᠠᠪᠴᠠᠢ᠃ ᠬᠠᠲᠤᠨ ᠢ ᠲᠤᠯᠤᠯᠳᠤᠭᠠᠨ ᠤ | ᠲᠠᠯᠠᠪᠣᠷ ᠠᠴᠠ ᠰᠦᠨᠢ ᠰᠡᠮ ᠭᠠᠷᠭᠠᠨ ᠪᠠᠷᠠᠭᠤᠨ ᠵᠦᠭ ᠬᠦᠳᠡᠯᠦᠨ ᠵᠠᠮ ᠵᠠᠭᠤᠷ᠎ᠠ ᠨᠠᠰᠤ ᠪᠠᠷᠠᠬᠤ ᠳᠤᠨᠢ ᠱᠠᠷᠢᠯ ᠢ | ᠴᠠᠮᠪᠠᠭᠠᠷᠪᠤ ᠠᠭᠤᠯᠠᠨ᠎ᠠ ᠣᠷᠣᠰᠢᠭᠤᠯᠣᠭᠰᠠᠨ ᠭᠡᠳᠡᠭ᠃ ᠭᠠᠯᠳᠠᠨ ᠳᠤ ᠰᠡᠪᠳᠡᠨᠪᠠᠯᠵᠢᠷ ᠬᠡᠮᠡᠬᠦ ᠬᠦᠦ᠂ ᠶᠣᠮᠴᠢᠬᠠᠢ ᠪᠤᠮ | ᠬᠡᠮᠡᠬᠦ ᠦᠬᠢᠨ ᠬᠤᠶᠠᠷ ᠪᠠᠶᠢᠭᠰᠠᠨ ᠪᠦᠭᠡᠳ ᠲᠡᠳᠡᠨ ᠢ ᠮᠠᠨᠵᠤ ᠨᠠᠷ ᠬᠤᠵᠢᠮ ᠨᠢ ᠴᠠᠭᠠᠵᠠᠯᠠᠭᠰᠠᠨ ᠪᠠᠶᠢᠳᠠᠭ᠃ ᠠᠨᠤ | ᠬᠠᠲᠤᠨ ᠤ ᠪᠦᠳᠦᠨ ᠨᠡᠷ᠎ᠡ ᠠᠨᠣᠳᠠᠷ᠎ᠠ ᠭᠡᠳᠡᠭ ᠪᠠᠶᠢᠵᠠᠢ᠃ ᠮᠤᠩᠭᠤᠯ ᠤᠨ ᠢᠶᠠᠨ ᠲᠣᠰᠠᠭᠠᠷ ᠲᠤᠭᠳᠠᠨᠢᠯ ᠤᠨ ᠲᠦᠯᠦᠭᠡ | ᠭᠠᠯ ᠭᠤᠯᠤᠮᠳᠠ᠂ ᠭᠠᠵᠠᠷ ᠨᠣᠲᠤᠭ ᠤᠨ ᠢᠶᠠᠨ ᠲᠦᠯᠦᠭᠡ ᠠᠨᠤ ᠰᠢᠭ᠋᠂ ᠮᠠᠨᠳᠤᠬᠠᠢ ᠰᠡᠴᠡᠨ ᠰᠢᠬ ᠪᠠᠭᠠᠲᠤᠷᠯᠢᠭ᠂ | ᠲᠡᠮᠡᠴᠡᠯ ᠤᠨ ᠮᠠᠩᠯᠠᠢ ᠳᠤ ᠢᠯᠳᠤ ᠰᠢᠭ ᠭᠢᠯᠠᠯᠵᠠᠵᠤ ᠶᠠᠪᠣᠭᠰᠠᠨ ᠲᠡᠣᠬᠡ ᠲᠡᠶᠢᠮᠦ ᠴᠦ ᠣᠯᠠᠨ ᠦᠭᠡᠢ ᠪᠢᠵᠠ᠃ | ᠮᠣᠩᠭᠤᠯ ᠲᠦᠷᠦ ᠶᠢᠨ ᠬᠠᠲᠤᠳ ᠭᠡᠵᠦ ᠡᠶᠢᠮᠦ ᠯᠠ ᠬᠦᠮᠦᠰ ᠪᠠᠶᠢᠵᠤ ᠰᠢᠣ ᠳ᠋ᠧ᠃ | |