ᠵᠦᠩ ᠡᠾᠧ ᠰᠢ ᠪᠠᠯᠭᠠᠰᠤ ᠨᠢ ᠪᠠᠶᠠᠷ ᠤᠨ ᠡᠳᠦᠷ ᠤᠨ ᠳᠠᠷᠠᠭᠠᠬᠢ ᠣᠷᠴᠢᠨ ᠲᠤᠭᠤᠷᠢᠨ ᠤ ᠴᠡᠭᠴᠡᠯᠡᠨ ᠵᠠᠰᠠᠯᠲᠠ ᠶᠢᠨ ᠬᠦᠳᠡᠯᠭᠡᠭᠡᠨ ᠢ ᠦᠷᠨᠢᠭᠦᠯᠪᠡ
ᠨᠡᠶᠢᠲᠡᠯᠡᠭᠰᠡᠨ ᠴᠠᠭ᠄
2019/2/21
       ᠰᠢᠨ᠎ᠡ ᠵᠢᠯ ᠤᠨ ᠪᠠᠶᠠᠷ ᠬᠥᠥᠷ ᠪᠠᠰᠠ ᠵᠠᠮᠬᠠᠷᠠᠭ᠎ᠠ ᠦᠭᠡᠢ ᠪᠠᠶᠢᠵᠤ᠂ ᠪᠠᠶᠠᠷ ᠤᠨ ᠳᠠᠷᠠᠭᠠᠬᠢ ᠬᠥᠥᠷ ᠬᠦᠭᠵᠢᠶᠡᠨ ᠪᠠᠰᠠ ᠥᠷᠭᠦᠯᠵᠢᠯᠡᠭᠰᠡᠭᠡᠷ ᠁ ᠭᠡᠪᠡᠴᠦ ᠪᠠᠶᠠᠷ ᠤᠨ ᠳᠠᠷᠠᠭᠠᠬᠢ ᠣᠷᠴᠢᠨ ᠲᠤᠭᠤᠷᠢᠨ ᠤ ᠠᠰᠠᠭᠤᠳᠠᠯ ᠪᠣᠯ ᠪᠠᠶᠠᠷ ᠡᠳᠦᠷ ᠤᠨ ᠠᠭᠤᠷ ᠠᠮᠢᠰᠬᠤᠯ ᠢ ᠨᠦᠯᠦᠭᠡᠯᠡᠬᠦ ᠶᠡᠭᠡ ᠠᠰᠠᠭᠤᠳᠠᠯ ᠪᠣᠯᠣᠨ᠎ᠠ᠃ ᠴᠠᠭᠠᠨ ᠰᠠᠷ᠎ᠠ ᠶᠢᠨ ᠡᠮᠦᠨᠡᠬᠢ ᠤᠷᠴᠢᠨ ᠲᠤᠭᠤᠷᠢᠨ ‍ᠤ‌ᠦᠷ᠎ᠡ ᠪᠦᠲᠦᠮᠵᠢ ᠪᠠᠨ ᠬᠠᠮᠠᠭᠠᠯᠠᠵᠤ᠂ ᠪᠠᠶᠠᠷ ᠤᠨ ᠡᠳᠦᠷ ᠤᠨ ᠳᠠᠷᠠᠭᠠᠬᠢ ᠤᠷᠴᠢᠨ ᠲᠤᠭᠤᠷᠢᠨ ᠤ ᠴᠡᠪᠡᠷ ᠳᠤᠬᠢᠯᠢᠭ ᠢ ᠪᠠᠲᠤᠯᠠᠵᠦ᠂ ᠥᠷᠭᠡᠨ ᠤᠯᠠᠨ ᠠᠷᠠᠳ ᠲᠦᠮᠡᠨ ᠳᠤ ᠤᠷᠤᠰᠢᠨ ᠰᠠᠭᠤᠬᠤ ᠳᠤ ᠲᠠᠭᠠᠲᠠᠢ ᠣᠷᠴᠢᠨ ᠲᠤᠭᠤᠷᠢᠨ ᠢ ᠬᠠᠩᠭᠠᠬᠤ ᠶᠢᠨ ᠳᠤᠰᠠᠳᠠ᠂ ᠵᠦᠩ ᠡᠾᠧ ᠰᠢ ᠪᠠᠯᠭᠠᠰᠤ ᠡᠷᠲᠡᠬᠡᠨ‌ᠡᠴᠠ‌‍ᠪᠡᠯᠡᠳᠬᠡᠵᠦ᠂ ᠡᠷᠲᠡᠬᠡᠨ ᠠᠴᠠ ᠬᠥᠳᠡᠯᠦᠯᠴᠡᠨ᠂ ᠪᠠᠶᠠᠷ ᠤᠨ ᠡᠳᠦᠷ ᠤᠨ ᠳᠠᠷᠠᠭᠠᠬᠢ ᠴᠡᠪᠡᠷᠯᠡᠭᠡ ᠶᠢᠨ ᠬᠦᠳᠡᠯᠭᠡᠭᠡᠨ ᠢ  ᠢᠳᠡᠪᠬᠢᠳᠡᠢ ᠦᠷᠨᠢᠭᠦᠯᠪᠠ᠃       ᠮᠠᠯᠴᠢᠨ ᠲᠠᠷᠢᠶᠠᠴᠢᠳ ᠰᠠᠨᠠᠭᠠᠴᠢᠯᠠᠭ᠎ᠠ ᠠᠴᠠ ᠪᠠᠨ ᠵᠠᠮ ᠪᠠ ᠭᠡᠷ ᠪᠠᠶᠢᠰᠢᠩ ᠤᠨ ᠬᠠᠵᠠᠭᠤ ᠬᠠᠪᠢ ᠪᠠᠨ ᠴᠡᠪᠡᠷᠯᠡᠵᠦ ᠪᠠᠶᠢᠭ᠎ᠠ ᠨᠢ

       ᠬᠤᠸᠠᠷ ᠫᠤᠤᠵᠢᠩ ᠪᠠ ᠠᠮᠢᠳᠤᠷᠠᠯ ᠤᠨ ᠬᠡᠷᠡᠭᠯᠡᠭᠡᠨ ᠤ ᠯᠠᠭ ᠬᠤᠭ ᠢ ᠴᠡᠪᠡᠷᠯᠡᠵᠦ ᠪᠠᠶᠢᠭ᠎ᠠ ᠨᠢ

   

      ᠵᠦᠩ ᠡᠾᠧ ᠰᠢ ᠪᠠᠯᠭᠠᠰᠤ ᠨᠢ ᠠᠷᠢᠭᠤᠨ ᠴᠡᠪᠡᠷ ᠢ ᠭᠠᠵᠠᠷ ᠬᠤᠪᠢᠶᠠᠨ ᠳᠠᠭᠠᠭᠠᠴᠢᠯᠠᠭᠤᠯᠤᠨ ᠴᠡᠪᠡᠷᠯᠡᠵᠦ᠂ ᠡᠯ᠎ᠡ ᠲᠤᠰᠬᠤᠨ ᠤ ᠬᠤᠶᠠᠷ ᠵᠦᠪᠯᠡᠯ ᠤᠨ

ᠭᠡᠰᠢᠭᠦᠨ ᠠᠴᠠ ᠬᠡᠪᠴᠢᠶ᠎ᠡ ᠬᠤᠪᠢᠶᠠᠨ᠂ ᠵᠠᠮ ᠬᠤᠪᠢᠶᠠᠨ ᠳᠠᠭᠠᠭᠠᠴᠢᠯᠠᠵᠦ᠂ ᠲᠤᠰᠬᠤᠨ ᠤ ᠪᠦᠬᠦ ᠬᠡᠰᠢᠭᠦᠨ᠂ ᠬᠤᠪᠢ ᠶᠢᠨ ᠡᠵᠡᠩᠨᠡᠯᠲᠡ ᠶᠢᠨ ᠡᠷᠦᠬᠡ ᠴᠤ ᠣᠷᠴᠢᠨ

ᠲᠣᠭᠤᠷᠢᠨ ᠤ ᠶᠡᠭᠡ ᠴᠡᠭᠴᠡᠯᠡᠨ‌ᠵᠠᠰᠠᠯᠲᠠ ᠳᠤ  ᠢᠳᠡᠪᠬᠢᠯᠡᠨ ᠤᠷᠤᠯᠴᠠᠵᠦ᠂ ᠭᠤᠣᠯᠳᠠᠭᠤ ᠵᠡᠭᠡᠯᠢ ᠭᠤᠳᠤᠮᠵᠢ᠂ ᠲᠤᠰᠬᠤᠨ ᠤ ᠵᠦᠪᠯᠡᠯ ᠤᠨ ᠬᠠᠵᠠᠭᠤ ᠬᠠᠪᠢ ᠵᠢᠴᠢ

ᠲᠤᠰᠬᠤᠨ ᠤ ᠭᠤᠣᠯ ᠵᠠᠮ ᠳᠤ ᠴᠡᠪᠡᠷᠯᠡᠭᠡ ᠬᠢᠪᠡ᠃

      ᠲᠣᠰ ᠤᠳᠠᠭᠠᠨ ᠤ ᠴᠡᠪᠡᠷᠯᠡᠨ ᠵᠠᠰᠠᠯᠲᠠ ᠪᠠᠷ ᠳᠠᠮᠵᠢᠨ᠂ ᠪᠠᠶᠠᠷ ᠤᠨ ᠡᠳᠦᠷ ᠤᠨ ᠳᠠᠷᠠᠭᠠᠬᠢ ᠬᠤᠭ ᠯᠠᠭ ᠢ ᠴᠡᠪᠡᠷᠯᠡᠨ ᠠᠷᠢᠯᠭᠠᠵᠤ᠂ ᠪᠦᠬᠦ ᠪᠠᠯᠭᠠᠰᠤᠨ ᠤ

ᠣᠷᠴᠢᠨ ᠲᠤᠭᠤᠷᠢᠨ ᠢ ᠴᠡᠪᠡᠷ ᠭᠤᠶᠢᠲᠠ ᠪᠣᠯᠭᠠᠵᠤ᠂ ᠪᠠᠶᠠᠷ ᠤᠨ ᠡᠳᠦᠷ ‍ᠤᠨ‌ᠬᠤᠭᠤᠴᠠᠭᠠᠨ ᠤ ᠬᠤᠭ ᠯᠠᠭ ᠢ ᠪᠦᠬᠦᠨ ᠢ ᠴᠡᠪᠡᠷᠯᠡᠨ ᠳᠠᠭᠤᠰᠬᠠᠵᠤ᠂ ᠠᠷᠠᠳ

ᠤᠯᠠᠨ ᠳᠤ ᠨᠡᠩ ᠴᠡᠪᠡᠷ ᠲᠣᠬᠢᠲᠠᠢ ᠤᠷᠴᠢᠨ ᠢ  ᠬᠠᠩᠭᠠᠪᠠ᠃

ᠢᠷᠡᠯᠲᠡ᠄ ᠳᠠᠯᠠᠳ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ