ᠮᠤᠷᠢ ᠤᠨᠤᠭᠠᠨ ᠤ ᠳᠤᠬᠠᠢ ᠴᠡᠭᠡᠷ ᠶᠤᠰᠤᠨ
ᠨᠡᠶᠢᠲᠡᠯᠡᠭᠰᠡᠨ ᠴᠠᠭ᠄
2020/10/20
  ᠮᠤᠷᠢᠨ ᠤ ᠤᠩᠭᠤᠨ ᠰᠦᠨᠡᠰᠦ ᠨᠢ ᠲᠤᠯᠤᠭᠠᠢ ᠳᠤ ᠨᠢ ᠪᠤᠢ ᠬᠡᠮᠡᠨ ᠮᠤᠷᠢᠨ ᠤ ᠲᠤᠯᠤᠭᠠᠢ ᠶᠢ ᠴᠤᠬᠢᠬᠤ ᠶᠢ ᠴᠡᠭᠡᠷᠯᠡᠳᠡᠭ᠃ ᠵᠦᠷᠢᠴᠡᠪᠡᠰᠤ ᠬᠠᠶᠠᠩᠬᠢᠷᠤ ᠪᠤᠷᠬᠠᠨ ︵ᠮᠤᠷᠢᠨ ᠰᠢᠳᠦᠭᠡᠨ︶ ᠢᠶᠠᠨ ᠴᠤᠬᠢᠭᠰᠠᠨ ᠲᠠᠢ ᠠᠳᠠᠯᠢ ᠬᠡᠭᠦ ᠪᠤᠶᠤ ᠯᠤᠤ ᠶᠢᠨ ᠲᠤᠯᠤᠭᠠᠢ ᠶᠢ ᠴᠤᠬᠢᠵᠦ ᠪᠠᠶᠢᠭ᠎ᠠ ᠲᠠᠢ ᠠᠳᠠᠯᠢ ᠭᠡᠰᠡᠨ ᠬᠡᠯᠡᠯᠭᠡ ᠲᠠᠢ᠃    ᠠᠵᠢᠷᠭ᠎ᠠ ᠰᠤᠩᠭᠤᠵᠦ ᠲᠠᠯᠪᠢᠬᠤ ᠳᠤ ᠪᠠᠨ ᠬᠠᠷ᠎ᠠ ᠴᠠᠭᠠᠨ ᠵᠢᠰᠤᠮ ᠢ ᠴᠡᠭᠡᠷᠯᠡᠳᠡᠭ᠃ ᠠᠷᠠᠳ ᠤᠨ ᠶᠠᠷᠢᠶᠠᠨ ᠳᠤ《 ᠬᠠᠨᠪᠠᠯ ᠬᠠᠷ᠎ᠠ ᠠᠵᠢᠷᠭ᠎ᠠ ᠲᠠᠯᠪᠢ᠂ ᠴᠠᠳᠪᠠᠯ ᠴᠠᠭᠠᠨ ᠠᠵᠢᠷᠭ᠎ᠠ ᠲᠠᠯᠪᠢ》ᠭᠡᠳᠡᠭ᠃ ᠠᠵᠢᠷᠭ᠎ᠠ ᠲᠠᠯᠪᠢᠬᠤ ᠤᠨᠠᠭᠠᠨ ᠤ ᠤᠩᠭᠤᠨ ᠳᠡᠯ ᠰᠡᠭᠦᠯ ᠢ ᠨᠢ ᠬᠠᠶᠢᠴᠢᠯᠠᠵᠦ ᠬᠢᠷᠭᠠᠬᠤ ᠶᠢ ᠴᠡᠭᠡᠷᠯᠡᠳᠡᠭ᠃ ᠬᠠᠶᠢᠴᠢᠯᠠᠵᠦ ᠬᠢᠷᠭᠠᠪᠠᠯ ᠰᠦᠷ ᠰᠦᠯᠳᠡ ᠨᠢ ᠳᠤᠷᠤᠶᠢᠳᠠᠨ᠎ᠠ ᠭᠡᠳᠡᠭ᠃ ᠦᠷᠢᠶ᠎ᠡ ᠪᠠᠨ ᠠᠭᠳᠠᠯᠠᠭᠰᠠᠨ ᠤ ᠳᠠᠷᠠᠭᠠᠬᠢ 7 ᠬᠤᠨᠤᠭ ᠤᠨ ᠳᠤᠳᠤᠷ᠎ᠠ ᠭᠡᠷ ᠠᠴᠠ ᠪᠠᠨ ᠶᠠᠭᠤᠮ᠎ᠠ ᠭᠠᠷᠭᠠᠬᠤ ᠶᠢ ᠴᠡᠭᠡᠷᠯᠡᠵᠦ᠂ ᠬᠦᠮᠦᠨ ᠳᠤ ᠶᠠᠭᠤᠮ᠎ᠠ ᠵᠢᠭᠡᠯᠡᠭᠦᠯᠬᠦ ᠪᠤᠶᠤ ᠬᠤᠳᠠᠯᠳᠤᠵᠦ ᠴᠦᠮ ᠪᠤᠯᠬᠤ ᠦᠭᠡᠢ᠃ ᠡᠰᠡ ᠳᠡᠭᠡᠪᠡᠰᠦ ᠠᠶᠢᠯ ᠤᠨ ᠭᠡᠰᠢᠭ ᠪᠤᠶᠠᠨ ᠵᠠᠶᠢᠯᠠᠳᠠᠭ ᠭᠡᠨ᠎ᠡ᠃ ᠬᠠᠭᠠᠷᠢᠭᠤᠯ᠂ ᠰᠡᠪᠰᠡᠯᠭ᠎ᠠ ᠶᠢ ᠭᠠᠵᠠᠷ ᠬᠠᠶᠠᠬᠤ ᠦᠭᠡᠢ᠃ ᠬᠠᠳᠠᠭ ᠲᠤ ᠤᠷᠢᠶᠠᠭᠠᠳ ᠳᠠᠭᠠᠷᠴᠤᠭ ᠰᠠᠪᠠᠨ ᠳᠤ ᠡᠪᠬᠡᠵᠦ ᠭᠡᠷ ᠤᠨ ᠢᠶᠠᠨ ᠪᠠᠷᠠᠭᠤᠨ ᠬᠤᠶᠢᠳᠤ ᠤᠨᠢᠨ ᠳᠤ ᠬᠠᠪᠴᠢᠭᠤᠯᠬᠤ ᠪᠤᠶᠤ ᠬᠠᠨᠠᠨ ᠲᠤᠯᠤᠭᠠᠢ ᠠᠴᠠ ᠵᠡᠭᠦᠳᠡᠭ᠃    ᠮᠤᠷᠢ ᠪᠠᠨ ᠭᠡᠷ ᠤᠨ ᠵᠡᠭᠦᠨ ᠲᠠᠯ᠎ᠠ ᠳᠤ ᠤᠶᠠᠬᠤ ᠶᠢ ᠴᠡᠭᠡᠷᠯᠡᠳᠡᠭ᠃ ᠡᠷᠬᠡᠪᠰᠢ ᠪᠠᠷᠠᠭᠤᠨ ᠲᠠᠯ᠎ᠠ ᠳᠤ ᠨᠢ ᠤᠶᠠᠬᠤ ᠶᠤᠰᠤ ᠪᠤᠢ᠃ ᠮᠤᠷᠢ ᠤᠨᠤᠭ᠎ᠠ ᠪᠠᠨ ᠭᠡᠷ ᠬᠠᠰᠢᠶᠠᠨ ᠤ ᠡᠭᠦᠳᠡᠨ ᠠᠴᠠ ᠤᠶᠠᠳᠠᠭ ᠦᠭᠡᠢ᠃ ᠵᠦᠷᠢᠴᠡᠪᠡᠰᠦ ᠡᠭᠦᠳᠡ ᠡᠪᠳᠡᠭᠳᠡᠨ᠎ᠡ᠂ ᠭᠡᠷ ᠬᠡᠮᠬᠡᠯᠦᠨ᠎ᠡ ᠭᠡᠳᠡᠭ᠃ ᠤᠷᠭᠤᠭ᠎ᠠ ᠮᠤᠳᠤᠨ ᠠᠴᠠ ᠬᠦᠯᠦᠰᠦ ᠲᠠᠢ ᠮᠤᠷᠢ ᠤᠶᠠᠪᠠᠯ ᠬᠡᠮᠰᠢᠶᠡᠷᠡᠨ᠎ᠡ ᠭᠡᠵᠦ ᠴᠡᠭᠡᠷᠯᠡᠳᠡᠭ᠃    ᠮᠤᠷᠢ ᠠᠷᠭᠠᠮᠵᠢᠬᠤ ᠪᠠ ᠵᠡᠯ᠎ᠡ ᠳᠡᠳᠠᠬᠤ ᠳᠤ ᠪᠠᠨ ᠭᠠᠵᠠᠷ ᠡᠪᠳᠡᠵᠦ ᠨᠦᠬᠡᠯᠡᠭᠰᠡᠨ ᠤᠷᠤ ᠦᠯᠡᠳᠡᠭᠡᠬᠦ ᠶᠢ ᠶᠡᠭᠡ ᠴᠡᠭᠡᠷᠯᠡᠳᠡᠭ᠃ ᠭᠠᠳᠠᠰᠤ ᠰᠢᠯᠭᠠᠵᠦ ᠮᠤᠳᠤ ᠬᠠᠳᠬᠤᠨ ᠨᠦᠬᠡ ᠭᠠᠷᠭᠠᠭᠰᠠᠨ ᠪᠤᠯ ᠭᠠᠳᠠᠰᠤ ᠮᠤᠳᠤ ᠪᠠᠨ ᠰᠤᠭᠤᠯᠵᠦ ᠠᠪᠤᠭᠰᠠᠨ ᠤ ᠳᠠᠷᠠᠭ᠎ᠠ ᠨᠦᠬᠡ ᠶᠢ ᠨᠢ ᠤᠷᠤ ᠳᠤᠤᠷ᠎ᠠ ᠨᠢ ᠪᠦᠭᠯᠡᠵᠦ ᠤᠷᠬᠢᠳᠠᠭ᠃ ᠭᠠᠵᠠᠷ ᠲᠤ ᠭᠠᠳᠠᠰᠤ ᠰᠢᠭᠠᠨ᠂ ᠮᠤᠳᠤ ᠪᠤᠰᠬᠠᠵᠦ ᠤᠷᠬᠢᠪᠠᠯ ᠭᠠᠵᠠᠷ ᠯᠤᠤᠰ ᠤᠨ ᠡᠯᠢᠭᠡᠨ ᠳᠤ ᠬᠠᠳᠠᠭᠠᠰᠤ ᠰᠢᠭᠠᠭᠰᠠᠨ ᠲᠠᠢ ᠠᠳᠠᠯᠢ ᠰᠢᠷᠬ᠎ᠠ ᠡᠮᠵᠡᠭ ᠪᠤᠯᠤᠨ᠎ᠠ ᠭᠡᠳᠡᠭ᠃    ᠮᠤᠷᠢᠨ ᠡᠮᠡᠭᠡᠯ ᠢᠶᠠᠨ ᠭᠠᠵᠠᠷ ᠲᠠᠯᠪᠢᠬᠤ ᠶᠢ ᠴᠡᠭᠡᠷᠯᠡᠨ᠎ᠡ᠃ ᠬᠡᠷᠪᠡ ᠰᠢᠭᠤᠳ ᠭᠠᠵᠠᠷ ᠲᠠᠯᠪᠢᠪᠠᠯ ᠠᠭᠳᠠ ᠦᠬᠦᠵᠦ ᠠᠳᠤᠭᠤ ᠪᠠᠷᠠᠭᠳᠠᠨ ᠠᠯᠳᠠᠨ ᠡᠮᠡᠭᠡᠯ ᠭᠠᠵᠠᠷᠳᠠᠨ᠎ᠠ ᠭᠡᠳᠡᠭ᠃ ᠡᠷᠬᠡᠪᠰᠢ ᠨᠢᠭᠡ ᠶᠠᠭᠤᠮᠠᠨ ᠳᠡᠭᠡᠷ᠎ᠡ ᠳᠤᠬᠤᠵᠦ ᠲᠠᠯᠪᠢᠬᠤ ᠶᠤᠰᠤ ᠲᠠᠢ᠃ ᠭᠡᠬᠦ ᠳᠤ ᠪᠠᠨ ᠡᠮᠡᠭᠡᠯ ᠤᠨ ᠤᠷᠳᠤ ᠪᠦᠬᠦᠷᠭᠡ ᠶᠢ ᠳᠤᠷ᠎ᠠ ᠶᠢᠨ ᠵᠦᠭ ᠲᠤ ᠬᠠᠨᠳᠤᠭᠤᠯᠬᠤ ᠶᠢ ᠴᠡᠭᠡᠷᠯᠡᠵᠦ᠂ ᠵᠠᠪᠠᠯ ᠬᠤᠶᠢᠰᠢ ᠬᠠᠨᠳᠤᠭᠤᠯᠬᠤ ᠪᠤᠶᠤ ᠡᠮᠦᠨᠡᠰᠢ ᠬᠠᠨᠳᠤᠭᠤᠯᠵᠦ ᠲᠠᠯᠪᠢᠳᠠᠭ᠃ ᠬᠤᠶᠢᠰᠢ ᠬᠠᠨᠳᠤᠭᠤᠯᠵᠦ ᠲᠠᠯᠪᠢᠬᠤ ᠨᠢ ᠮᠤᠩᠭᠤᠯ ᠤᠨ ᠤᠤᠯ ᠨᠤᠳᠤᠭ ᠠᠷᠤ ᠬᠠᠩᠭᠠᠢ ᠠᠯᠳᠠᠨ ᠳᠡᠪᠰᠢ ᠳᠤ ᠪᠠᠶᠢᠭᠰᠠᠨ ᠭᠡᠵᠦ ᠦᠵᠡᠳᠡᠭ ᠪᠤᠯᠬᠤᠷ ᠤᠯᠠᠨ ᠮᠤᠩᠭᠤᠯᠴᠤᠳ ᠲᠠᠢ ᠪᠠᠨ ᠪᠦᠯᠬᠦᠮᠳᠡᠨ ᠨᠢᠭᠡᠳᠬᠦ ᠶᠢᠨ ᠪᠡᠯᠭᠡᠳᠡᠯ ᠪᠤᠯᠤᠨ᠎ᠠ᠃ ᠡᠮᠦᠨᠡᠰᠢ ᠬᠠᠨᠳᠤᠭᠤᠯᠵᠦ ᠲᠠᠯᠪᠢᠬᠤ ᠨᠢ ᠦᠷᠭᠦᠯᠵᠢᠯᠡᠨ ᠨᠤᠳᠤᠭ ᠪᠡᠯᠴᠢᠭᠡᠷ ᠢᠶᠠᠨ ᠪᠤᠴᠠᠭᠠᠨ ᠠᠪᠬᠤ ᠶᠢᠨ ᠪᠡᠯᠭᠡᠳᠡᠯ ᠪᠤᠯᠤᠨ᠎ᠠ᠃ ᠤᠷᠳᠤ ᠪᠦᠬᠦᠷᠭᠡ ᠶᠢ ᠳᠤᠷᠤᠭᠰᠢ ᠬᠠᠨᠳᠤᠭᠤᠯᠵᠦ ᠲᠠᠯᠪᠢᠪᠠᠯ ᠮᠤᠷᠢᠨ ᠤ ᠲᠤᠯᠤᠭᠠᠢ ᠶᠢ ᠳᠤᠷᠤᠭᠰᠢ ᠬᠠᠨᠳᠤᠭᠤᠯᠤᠭᠰᠠᠨ ᠲᠠᠢ ᠠᠳᠠᠯᠢ ᠪᠡᠯᠭᠡ ᠦᠭᠡᠢ ᠭᠡᠵᠦ ᠦᠵᠡᠳᠡᠭ᠃ ᠡᠮᠡᠭᠡᠯ ᠰᠢᠷᠢᠳᠡᠭ ᠢ ᠳᠡᠭᠡᠭᠰᠢ ᠬᠠᠨᠳᠤᠭᠤᠯᠵᠦ ᠲᠠᠯᠪᠢᠪᠠᠯ ᠳᠡᠭᠷᠢ ᠶᠢᠨ ᠳᠠᠭᠤᠨ ᠳᠤ ᠬᠠᠷᠰᠢ ᠭᠡᠳᠡᠭ᠃ ᠡᠮᠡᠭᠡᠯ ᠤᠨ ᠳᠡᠭᠡᠭᠦᠷ ᠠᠯᠬᠤᠵᠦ ᠬᠢᠰᠬᠢᠪᠡᠯ ᠮᠤᠷᠢ ᠳᠠᠭᠠᠷᠢᠳᠤᠨ᠎ᠠ ᠭᠡᠳᠡᠭ᠃ ᠡᠮᠡᠭᠡᠯ ᠤᠨ ᠰᠢᠷᠢᠳᠡᠭ ᠢ ᠰᠤᠯᠠ ᠵᠠᠳᠠᠭᠠᠢ ᠲᠠᠯᠪᠢᠬᠤ ᠶᠢ ᠴᠡᠭᠡᠷᠯᠡᠳᠡᠭ᠃ ᠵᠠᠪᠠᠯ ᠰᠢᠭᠤᠵᠦ ᠲᠠᠯᠪᠢᠬᠤ ᠬᠡᠷᠡᠭᠳᠡᠢ᠃ ᠡᠰᠡ ᠳᠡᠭᠡᠪᠡᠯ ᠮᠤᠷᠢ ᠨᠢ ᠬᠡᠮᠰᠢᠶᠡᠷᠡᠨ᠎ᠡ ᠭᠡᠳᠡᠭ᠃ ᠡᠮᠡᠭᠡᠯ ᠳᠡᠷᠡᠯᠡᠪᠡᠯ ᠲᠤᠯᠤᠭᠠᠢ  ᠪᠠᠨ ᠪᠦᠭᠰᠡᠨ ᠳᠡᠭᠡᠷ᠎ᠡ ᠪᠠᠨ ᠲᠠᠯᠪᠢᠯ᠎ᠠ ᠭᠡᠳᠡᠭ᠃ ᠡᠮᠡᠭᠡᠯ ᠢ ᠭᠡᠷ ᠲᠤ ᠤᠷᠤᠭᠤᠯᠵᠦ ᠲᠠᠯᠪᠢᠬᠤ ᠳᠤ ᠪᠠᠨ ᠬᠤᠶᠢᠮᠤᠷ ᠠᠴᠠ ᠪᠤᠰᠤᠳ ᠵᠦᠭ ᠬᠠᠨᠳᠤᠭᠤᠯᠬᠤ ᠶᠢ ᠴᠡᠭᠡᠷᠯᠡᠳᠡᠭ᠃ ᠡᠮᠡᠭᠡᠯ ᠢ ᠬᠤᠭᠤᠰᠤᠨ ᠢᠶᠠᠷ ᠤᠨᠤᠵᠦ ᠨᠠᠭᠠᠳᠬᠤ ᠶᠢ ᠪᠠᠰᠠ ᠴᠡᠭᠡᠷᠯᠡᠳᠡᠭ᠃ ᠮᠤᠷᠢᠨ ᠳᠡᠭᠡᠷ᠎ᠡ ᠳᠤᠬᠤᠭᠰᠠᠨ ᠬᠡᠪᠢᠰ ᠤᠨ ᠨᠤᠭᠤᠯᠤᠭᠰᠠᠨ ᠠᠮᠠ ᠶᠢ ᠨᠢ ᠠᠷᠤᠨᠰᠢ ᠪᠠᠨ ᠬᠠᠨᠳᠤᠭᠤᠯᠬᠤ ᠪᠤᠶᠤ ᠬᠤᠪᠴᠠᠰᠤᠨ ᠤ ᠵᠠᠭᠠᠮ᠎ᠠ ᠶᠢ ᠨᠢ ᠠᠷᠤᠨᠰᠢ ᠪᠠᠨ ᠬᠠᠨᠳᠤᠭᠤᠯᠵᠦ ᠳᠤᠬᠤᠬᠤ ᠶᠢ ᠴᠡᠭᠡᠷᠯᠡᠳᠡᠭ᠃   ᠬᠠᠵᠠᠭᠠᠷ ᠢᠶᠠᠷ ᠶᠠᠭᠤᠮ᠎ᠠ ᠤᠶᠠᠬᠤ ᠪᠤᠶᠤ ᠵᠤᠳᠤᠵᠦ ᠰᠠᠪᠠᠭ᠋ᠤ ᠶᠢ ᠴᠡᠭᠡᠷᠯᠡᠳᠡᠭ᠃ ᠮᠤᠷᠢᠨ ᠤ ᠨᠤᠭᠳᠤ᠂ ᠴᠤᠯᠪᠤᠭᠤᠷ᠂ ᠵᠢᠯᠤᠭᠤ ᠶᠢ ᠳᠠᠪᠬᠤᠷᠯᠠᠭᠰᠠᠨ ᠦᠭᠡᠢ ᠬᠡᠯᠡᠭᠡᠢ ᠳᠡᠭᠡᠰᠦ ᠪᠤᠶᠤ ᠤᠯᠤᠰᠤᠨ ᠳᠡᠭᠡᠰᠦ᠂ ᠡᠪᠡᠰᠦᠨ ᠳᠡᠭᠡᠰᠦ  ᠪᠠᠷ ᠬᠢᠬᠦ ᠶᠢ ᠴᠡᠭᠡᠷᠯᠡᠵᠦ᠂ ᠠᠷᠭᠠᠮᠵᠢᠶ᠎ᠠ ᠳᠡᠭᠡᠭᠦᠷ ᠠᠯᠬᠤᠵᠦ ᠭᠠᠷᠬᠤ ᠪᠤᠶᠤ ᠮᠤᠷᠢ ᠪᠠᠷ ᠭᠠᠷᠬᠤ ᠶᠢ ᠴᠡᠭᠡᠷᠯᠡᠨ᠎ᠡ᠃ ᠬᠠᠵᠠᠭᠠᠷ ᠨᠤᠭᠳᠤ ᠪᠠᠷ ᠮᠤᠷᠢ ᠵᠤᠳᠤᠪᠠᠯ ᠮᠠᠯ ᠤᠨ ᠪᠤᠶᠠᠨ ᠭᠡᠰᠢᠭ ᠪᠤᠴᠠᠨ᠎ᠠ ᠭᠡᠳᠡᠭ᠃ ᠬᠠᠵᠠᠭᠠᠷ ᠨᠤᠭᠳᠤ ᠶᠢ ᠳᠤᠭᠤᠭᠰᠢ ᠬᠠᠨᠳᠤᠭᠤᠯᠵᠦ ᠡᠯᠬᠦᠬᠦ ᠪᠤᠶᠤ ᠠᠪᠴᠦ ᠶᠠᠪᠤᠪᠠᠯ ᠮᠠᠯ ᠤᠨ ᠲᠤᠯᠤᠭᠠᠢ ᠶᠢ ᠲᠤᠭᠤᠭᠰᠢ ᠬᠠᠨᠳᠤᠭᠤᠯᠤᠭᠰᠠᠨ  ᠲᠠᠢ ᠠᠳᠠᠯᠢ ᠭᠡᠳᠡᠭ᠃ ᠬᠠᠵᠠᠭᠠᠷ ᠨᠤᠭᠳᠤ ᠶᠢ ᠬᠠᠳᠠᠪᠴᠢᠨ ᠳᠤ ᠬᠠᠶᠠᠪᠠᠰᠤ ᠮᠤᠷᠢ ᠤᠨᠤᠭᠠᠨ ᠤ ᠲᠤᠯᠤᠭᠠᠢ ᠬᠠᠩᠭᠢᠨᠠᠵᠦ ᠶᠠᠩᠭᠢᠨᠠᠨ᠎ᠠ ᠭᠡᠳᠡᠭ᠃     ᠴᠢᠳᠦᠷ ᠤᠨ ᠳᠡᠭᠡᠪᠴᠢ ᠶᠢ ᠠᠯᠢ ᠳᠠᠭᠠᠷᠠᠯᠳᠤᠭᠰᠨ ᠮᠤᠳᠤ ᠪᠠᠷ ᠬᠢᠬᠦ ᠶᠢ ᠴᠡᠭᠡᠷᠯᠡᠨ᠎ᠡ᠃ ᠵᠠᠪᠠᠯ ᠤᠯᠠᠭᠠᠨ ᠰᠤᠬᠠᠢ ᠮᠤᠳᠤ ᠪᠠᠷ ᠬᠢᠳᠡᠭ᠃ ᠵᠦᠷᠢᠴᠡᠪᠡᠰᠦ ᠴᠢᠳᠦᠷ ᠨᠢ ᠴᠢᠳᠦᠷ ᠪᠢᠰᠢ ᠪᠤᠯᠵᠦ ᠳᠠᠰᠤᠷᠠᠨ ᠭᠡᠭᠡᠭᠳᠡᠨ᠎ᠡ ᠭᠡᠳᠡᠭ᠃ ᠴᠢᠳᠦᠷ ᠢᠶᠠᠷ ᠶᠠᠭᠤᠮ᠎ᠠ ᠤᠷᠢᠶᠠᠬᠤ ᠶᠢ ᠴᠡᠭᠡᠷᠯᠡᠨ᠎ᠡ᠃ ᠴᠢᠳᠤᠷᠯᠡᠭᠰᠡᠨ ᠮᠤᠷᠢ ᠳᠤᠭᠳᠠᠬᠤ ᠦᠭᠡᠢ᠂ ᠴᠢᠳᠦᠷ ᠮᠠᠭᠤᠳᠠᠨ᠎ᠠ ᠭᠡᠳᠡᠭ᠃ ᠴᠢᠳᠦᠷ ᠤᠨ ᠳᠤᠤᠭᠤᠷ ᠰᠢᠷᠭᠤᠵᠦ ᠭᠠᠷᠬᠤ ᠶᠢ ᠴᠡᠭᠡᠷᠯᠡᠨ᠎ᠡ᠃ ᠨᠠᠶᠠᠨ ᠨᠢᠭᠡᠨ ᠮᠠᠭᠤ ᠢᠷᠸ᠎ᠠ ᠶᠢᠨ ᠨᠢᠭᠡ ᠨᠢ ᠭᠡᠳᠡᠭ᠃    ᠤᠷᠭ᠎ᠠ ᠪᠠᠨ ᠭᠡᠷ ᠤᠨ ᠢᠶᠠᠨ ᠭᠠᠳᠠᠨ᠎ᠠ ᠵᠡᠭᠦᠨᠳᠡᠢ ᠪᠤᠶᠤ ᠡᠮᠦᠨ᠎ᠡ ᠲᠠᠯᠪᠢᠬᠤ ᠶᠢ ᠴᠡᠭᠡᠷᠯᠡᠨ᠎ᠡ᠃ ᠡᠷᠬᠡᠪᠰᠢ ᠭᠡᠷ ᠤᠨ ᠢᠶᠠᠨ ᠬᠤᠶᠢᠨ᠎ᠠ ᠪᠤᠶᠤ ᠪᠠᠷᠠᠭᠤᠨ ᠲᠠᠯ᠎ᠠ ᠳᠤ ᠳᠦᠰᠢᠭᠦᠯᠬᠦ ᠪᠤᠶᠤ ᠮᠤᠩᠭᠤᠯ ᠭᠡᠷ ᠤᠨ ᠪᠦᠰᠡᠯᠡᠭᠦᠷ ᠲᠤ ᠨᠢ ᠬᠠᠪᠴᠢᠭᠤᠯᠵᠦ ᠲᠠᠯᠪᠢᠳᠠᠭ᠃ ᠤᠷᠭ᠎ᠠ ᠶᠢ ᠭᠠᠵᠠᠷ ᠬᠠᠶᠠᠬᠤ ᠪᠤᠶᠤ ᠬᠡᠪᠳᠡᠭᠦᠯᠦᠨ ᠲᠠᠯᠪᠢᠬᠤ ᠦᠭᠡᠢ ᠪᠦᠭᠡᠳ ᠭᠠᠵᠠᠷ ᠲᠠᠯᠪᠢᠬᠤ ᠪᠤᠶᠤ ᠭᠡᠷ ᠳᠦᠰᠢᠭᠦᠯᠵᠦ ᠲᠠᠯᠪᠢᠭᠰᠠᠨ ᠴᠤ ᠵᠠᠪᠠᠯ ᠴᠡᠭᠡᠵᠢ ᠶᠢ ᠨᠢ ᠭᠡᠷ ᠤᠷᠤᠭᠤ ᠬᠠᠷᠠᠭᠤᠯᠵᠦ ᠲᠠᠯᠪᠢᠬᠤ ᠶᠤᠰᠤᠳᠠᠢ᠃ ᠢᠩᠭᠢᠪᠡᠯ ᠠᠳᠤᠭᠤ ᠬᠤᠯᠠᠳᠤᠬᠤ ᠦᠭᠡᠢ᠃ ᠲᠡᠷᠡᠴᠢᠯᠡᠨ ᠭᠡᠷ ᠳᠦᠰᠢᠭᠦᠯᠵᠦ ᠲᠠᠯᠪᠢᠬᠤ ᠳᠤ ᠪᠠᠨ ᠴᠤ ᠬᠤᠶᠢᠪᠢ ᠶᠢ ᠨᠢ ᠲᠤᠭᠤᠨᠤ ᠦᠩᠭᠡᠶᠢᠯᠭᠡᠳᠡᠭ ᠦᠭᠡᠢ᠃ ᠤᠷᠭ᠎ᠠ ᠶᠢᠨ ᠬᠤᠶᠢᠪᠢ ᠶᠢ ᠬᠠᠮᠢᠶ᠎ᠠ ᠨᠠᠮᠢᠶ᠎ᠠ ᠦᠭᠡᠢ ᠲᠠᠯᠪᠢᠳᠠᠭ ᠦᠭᠡᠢ᠃ ᠬᠦᠮᠦᠨ ᠤ ᠠᠯᠬᠤᠵᠦ ᠬᠢᠰᠬᠢᠬᠦ ᠭᠠᠵᠠᠷ ᠠᠴᠠ ᠬᠤᠯᠠᠬᠠᠨ ᠰᠢᠭ᠋ ᠲᠠᠯᠪᠢᠬᠤ ᠬᠡᠷᠡᠭᠳᠡᠢ᠃ ᠤᠷᠭ᠎ᠠ ᠶᠢᠨ ᠡᠰᠢ ᠶᠢ ᠢᠷᠭᠠᠢ᠂ ᠬᠤᠯᠤᠰᠤ᠂ ᠰᠤᠬᠠᠢ᠂ ᠳᠠᠯᠳᠤ ᠵᠡᠷᠭᠡ ᠦᠷ᠎ᠡ ᠦᠭᠡᠢ ᠭᠡᠵᠦ ᠦᠵᠡᠳᠡᠭ ᠮᠤᠳᠤ ᠪᠤᠶᠤ ᠬᠢᠷᠦᠬᠡᠯᠢᠭ ᠬᠠᠶᠢᠯᠠᠰᠣ ᠪᠠᠷ ᠬᠢᠪᠡᠯ ᠦᠷᠡᠵᠢᠯ ᠳᠤ ᠬᠠᠷᠰᠢ ᠭᠡᠵᠦ ᠴᠡᠭᠡᠷᠯᠡᠨ᠎ᠡ᠃ ᠵᠠᠪᠠᠯ ᠬᠤᠰᠤ᠂ ᠮᠤᠶᠢᠯ ᠪᠤᠶᠤ ᠤᠳᠠᠭᠠᠨ ᠵᠢᠯ ᠤᠨ ᠦᠨᠳᠦᠷ ᠪᠤᠷᠭᠠᠰᠤ ᠪᠠᠷ ᠬᠢᠳᠡᠭ᠃ ᠤᠷᠭᠠᠨ ᠳᠡᠭᠡᠭᠦᠷ ᠠᠯᠬᠤᠳᠠᠭ ᠦᠭᠡᠢ᠃ ᠤᠷᠭ᠎ᠠ  ᠪᠠᠨ《ᠡᠷ᠎ᠡ ᠪᠡᠶ᠎ᠡ ᠶᠢᠨ ᠬᠡᠢ ᠮᠤᠷᠢ᠂ ᠡᠩᠬᠡ ᠰᠦᠷᠦᠭ ᠤᠨ ᠳᠠᠯᠠᠯᠭ᠎ᠠ》ᠭᠡᠵᠦ ᠳᠦᠢᠯ ᠢᠶᠠᠷ ᠬᠦᠨᠳᠦᠳᠬᠡᠳᠡᠭ᠃ ᠤᠷᠭᠠᠨ ᠳᠤ ᠡᠮᠡᠭᠳᠡᠢ ᠬᠦᠮᠦᠨ ᠭᠠᠷ ᠬᠦᠷᠬᠦ ᠶᠢ ᠴᠡᠭᠡᠷᠯᠡᠨ᠎ᠡ᠃ ᠬᠦᠮᠦᠨ ᠤ ᠠᠳᠤᠭᠤᠨ ᠰᠦᠷᠦᠭ ᠲᠤ ᠤᠷᠭ᠎ᠠ ᠪᠠᠷᠢᠪᠠᠯ ᠪᠤᠶᠠᠨ ᠭᠡᠰᠢᠭ ᠵᠠᠶᠢᠯᠠᠨ᠎ᠠ᠃     ᠠᠶᠢᠯ ᠳᠤ ᠤᠴᠢᠬᠤ ᠳᠤ ᠪᠠᠨ ᠳᠠᠰᠢᠭᠤᠷ ᠢᠶᠠᠨ ᠬᠠᠮᠢᠶ᠎ᠠ ᠨᠠᠮᠢᠶ᠎ᠠ ᠦᠭᠡᠢ ᠲᠠᠯᠪᠢᠳᠠᠭ ᠦᠭᠡᠢ᠃ ᠬᠤᠨᠤᠬᠤ ᠬᠦᠮᠦᠨ ᠤᠨᠠᠭᠠᠵᠦ ᠲᠠᠯᠪᠢᠨ᠂ ᠶᠠᠪᠤᠬᠤ ᠬᠦᠮᠦᠨ ᠪᠤᠰᠤᠭ᠎ᠠ ᠪᠠᠷ ᠲᠠᠯᠪᠢᠬᠤ ᠶᠤᠰᠤ ᠪᠤᠢ᠃ ᠳᠠᠰᠢᠭᠤᠷ ᠢᠶᠠᠷ ᠨᠠᠭᠠᠳᠬᠤ᠂ ᠳᠠᠰᠢᠭᠤᠷ ᠢᠶᠠᠨ ᠠᠶᠢᠯ ᠤᠨ ᠭᠡᠷ ᠤᠨ ᠬᠠᠶᠠᠭ᠎ᠠ ᠪᠤᠶᠤ ᠭᠡᠷ ᠤᠨ ᠳᠡᠭᠡᠳᠡᠢ ᠨᠢ ᠲᠠᠯᠪᠢᠬᠤ᠂ ᠭᠡᠷ ᠤᠨ ᠪᠦᠰᠡᠨ ᠳᠤ ᠬᠠᠪᠴᠢᠭᠤᠯᠬᠤ ᠪᠠ ᠭᠠᠷ ᠲᠤ ᠪᠠᠨ ᠠᠪᠴᠦ ᠤᠷᠤᠬᠤ ᠶᠢ ᠴᠡᠭᠡᠷᠯᠡᠨ᠎ᠡ᠃ ᠬᠠᠭᠤᠴᠢᠨ ᠳᠤ ᠰᠢᠬᠦᠬᠦ ᠭᠠᠵᠠᠷ ᠤᠨ ᠡᠭᠦᠳᠡᠨ ᠳᠤ ᠬᠠᠷ᠎ᠠ ᠳᠠᠰᠢᠭᠤᠷ ᠳᠡᠭᠦᠵᠢᠯᠡᠵᠦ ᠲᠠᠯᠪᠢᠳᠠᠭ ᠠᠴᠠ ᠡᠶᠢᠨ ᠬᠦ ᠴᠡᠭᠡᠷᠯᠡᠳᠡᠭ ᠠᠵᠠᠢ᠃ ᠳᠠᠰᠢᠭᠤᠷ ᠳᠤᠯᠵᠦ ᠳᠤᠭᠯᠠᠨ ᠨᠠᠭᠠᠳᠪᠠᠰᠤ ᠤᠨᠤᠭ᠎ᠠ ᠮᠤᠷᠢᠨ ᠠᠴᠠ ᠪᠠᠨ ᠰᠠᠯᠤᠨ᠎ᠠ᠂ ᠶᠠᠪᠠᠭᠠᠨ ᠪᠤᠯᠬᠤ ᠪᠤᠶᠤ ᠮᠤᠷᠢ ᠤᠨᠤᠭ᠎ᠠ ᠠᠴᠠ ᠪᠠᠨ ᠤᠨᠠᠵᠦ ᠬᠡᠮᠳᠦᠬᠦ ᠶᠢᠨ ᠮᠠᠭᠤ ᠢᠷᠸ᠎ᠠ ᠭᠡᠳᠡᠭ᠃ ᠳᠠᠰᠢᠭᠤᠷ ᠳᠡᠭᠡᠭᠦᠷ ᠠᠯᠬᠤᠵᠦ ᠬᠢᠰᠬᠢᠬᠦ᠂ ᠳᠠᠰᠢᠭᠤᠷ ᠤᠨ ᠡᠰᠢ ᠶᠢ ᠬᠠᠶᠢᠯᠠᠰᠤᠨ ᠮᠤᠳᠤ ᠪᠠᠷ ᠬᠢᠬᠦ᠂ ᠳᠠᠰᠢᠭᠤᠷ ᠤᠨ ᠰᠤᠷ ᠦᠵᠦᠭᠦᠷ ᠲᠤ ᠪᠤᠷ᠎ᠠ ᠵᠠᠩᠭᠢᠳᠬᠤ᠂ ᠮᠢᠯᠠᠭ᠎ᠠ ᠳᠠᠰᠢᠭᠤᠷ ᠢᠶᠠᠷ ᠰᠤᠮᠤ ᠶᠢ ᠬᠦᠨᠳᠡᠬᠦ ᠶᠢ ᠴᠡᠭᠡᠷᠯᠡᠨ᠎ᠡ᠃ ᠤᠯᠤᠰᠤ ᠪᠠᠷ ᠳᠠᠰᠢᠭᠤᠷ ᠬᠢᠵᠦ ᠰᠢᠪᠬᠠᠷᠠᠬᠤ ᠶᠢ ᠴᠡᠭᠡᠷᠯᠡᠳᠡᠭ᠃ ᠳᠡᠭᠷᠢ ᠶᠢᠨ ᠦᠴᠢᠭ ᠤᠩᠰᠢᠬᠤ ᠳᠤ ᠪᠤᠯ ᠢᠩᠬᠢᠳᠡᠭ ᠭᠡᠨ᠎ᠡ᠃     ᠰᠢᠷᠢᠳᠡᠭ ᠳᠡᠷᠡᠯᠡᠬᠦ ᠶᠢ ᠴᠡᠭᠡᠷᠯᠡᠵᠦ᠂ ᠭᠡᠭᠡᠭᠳᠡᠭᠰᠡᠨ ᠰᠢᠷᠢᠳᠡᠭ ᠳᠠᠳᠠᠭᠠᠰᠤ ᠶᠢ ᠬᠠᠶᠢᠬᠤᠷᠬᠤ ᠦᠭᠡᠢ ᠪᠤᠶᠤ ᠠᠪᠴᠦ ᠶᠠᠪᠤᠬᠤ ᠶᠢ ᠴᠡᠭᠡᠷᠯᠡᠨ᠎ᠡ᠃ ᠰᠢᠪᠠᠭ ᠪᠤᠷᠭᠠᠰᠤ ᠪᠤᠶᠤ ᠦᠨᠳᠦᠷ ᠭᠠᠵᠠᠷ ᠲᠠᠯᠪᠢᠵᠦ ᠡᠵᠡᠨ ᠨᠢ ᠤᠯᠬᠤ ᠳᠤ ᠳᠦᠭᠦᠮ ᠦᠵᠡᠭᠦᠯᠬᠦ ᠶᠤᠰᠤ ᠪᠤᠢ᠃    ᠮᠤᠷᠢᠨ ᠤ ᠬᠤᠶᠠᠷ ᠬᠠᠴᠠᠷ᠂ ᠬᠠ ᠪᠠ ᠪᠤᠷᠤᠭᠤ ᠲᠠᠯ᠎ᠠ ᠳᠤ ᠳᠠᠮᠠᠭ᠎ᠠ ᠳᠠᠷᠤᠬᠤ ᠶᠢ ᠴᠡᠭᠡᠷᠯᠡᠳᠡᠭ᠃ ᠬᠤᠳᠠᠯᠳᠤᠬᠤ ᠮᠠᠯ ᠪᠢᠰᠢ ᠪᠤᠯ ᠬᠠ ᠳᠡᠭᠡᠷ᠎ᠡ ᠨᠢ ᠳᠠᠮᠠᠭᠠᠯᠠᠳᠠᠭ ᠦᠭᠡᠢ ᠪᠦᠭᠡᠳ ᠬᠠ ᠳᠡᠭᠡᠷ᠎ᠡ ᠳᠠᠮᠠᠭᠠᠯᠠᠪᠠᠰᠤ ᠶᠤᠰᠤ ᠠᠯᠳᠠᠵᠦ᠂ ᠮᠠᠯ ᠤᠨ ᠪᠤᠯᠴᠢᠩ ᠰᠢᠷᠪᠤᠰᠤ ᠬᠡᠮᠳᠤᠨ᠎ᠡ ᠭᠡᠳᠡᠭ᠃ ᠪᠤᠷᠤᠭᠤ ᠲᠠᠯ᠎ᠠ ᠶᠢᠨ ᠳᠠᠮᠠᠭ᠎ᠠ ᠪᠤᠯ ᠪᠠᠷᠠᠭᠳᠠᠬᠤ ᠶᠢᠨ ᠳᠡᠮᠳᠡᠭ ᠭᠡᠳᠡᠭ᠃ ᠮᠤᠩᠭᠤᠯᠴᠤᠳ ᠮᠠᠯ ᠤᠨ ᠳᠠᠮᠠᠭ᠎ᠠ ᠪᠠᠨ ᠶᠡᠬᠡᠳᠡ ᠬᠦᠨᠳᠦᠳᠬᠡᠨ ᠬᠠᠳᠠᠭᠠᠯᠠᠬᠤ ᠵᠠᠩᠰᠢᠯ ᠲᠠᠢ᠂ ᠳᠠᠮᠠᠭ᠎ᠠ ᠶᠢᠨ ᠡᠰᠢ ᠳᠤ ᠬᠠᠳᠠᠭ ᠤᠶᠠᠵᠦ ᠭᠡᠷ ᠤᠨ ᠢᠶᠠᠨ ᠤᠨᠢ ᠳᠤ ᠬᠠᠪᠴᠢᠭᠤᠯᠬᠤ ᠪᠤᠶᠤ ᠬᠠᠨ᠎ᠠ ᠶᠢᠨ ᠲᠤᠯᠤᠭᠠᠢ ᠳᠤ ᠡᠯᠭᠦᠵᠦ ᠲᠠᠯᠪᠢᠳᠠᠭ᠃ ᠳᠠᠮᠠᠭ᠎ᠠ ᠶᠢᠨ ᠳᠡᠭᠡᠭᠦᠷ ᠠᠯᠬᠤᠵᠦ ᠭᠠᠷᠬᠤ ᠶᠢ ᠤᠨᠴᠠᠭᠠᠢ ᠴᠡᠭᠡᠷᠯᠡᠵᠦ᠂ ᠮᠠᠯ ᠲᠠᠮᠠᠭᠠᠯᠠᠬᠤ ᠦᠶ᠎ᠡ ᠳᠤ ᠪᠠᠨ ᠳᠠᠮᠠᠭ᠎ᠠ ᠶᠢᠨ ᠲᠤᠯᠤᠭᠠᠢ ᠶᠢ ᠳᠤᠷᠤᠭᠰᠢ ᠬᠠᠨᠳᠤᠭᠤᠯᠤᠨ ᠠᠪᠴᠦ ᠶᠠᠪᠤᠵᠦ ᠪᠤᠯᠬᠤ ᠦᠭᠡᠢ᠃ ᠮᠠᠯ ᠤᠨ ᠲᠠᠮᠠᠭ᠎ᠠ ᠶᠢ ᠭᠠᠵᠠᠷ ᠳᠠᠷᠤᠵᠦ ᠨᠡᠩ ᠴᠤ ᠪᠤᠯᠬᠤ ᠦᠭᠡᠢ᠃ ᠭᠠᠵᠠᠷ ᠳᠠᠮᠠᠭᠠᠯᠠᠪᠠᠯ ᠮᠠᠯ ᠦᠭᠡᠶᠢᠷᠡᠨ᠎ᠡ ᠭᠡᠵᠦ ᠴᠡᠭᠡᠷᠯᠡᠳᠡᠭ᠃    ᠤᠰᠤᠨ ᠳᠤ ᠬᠢ ᠠᠳᠤᠭᠤ ᠶᠢ ᠰᠤᠴᠢᠭᠠᠵᠦ ᠤᠷᠬᠢᠪᠡᠯ ᠤᠮᠳᠠᠭᠠᠨ ᠢᠶᠠᠷ ᠳᠤᠳᠠᠭᠳᠠᠨ᠎ᠠ ᠭᠡᠬᠦ ᠪᠤᠶᠤ ᠤᠮᠳᠠᠭᠠᠰᠴᠤ ᠶᠠᠪᠤᠨ᠎ᠠ ᠭᠡᠳᠡᠭ᠃ ᠪᠡᠯᠡᠭ ᠲᠤ ᠦᠭᠭᠦᠭᠰᠡᠨ ᠮᠤᠷᠢᠨ ᠤ ᠰᠢᠳᠤ ᠶᠢ ᠳᠠᠳᠠᠬᠤ ᠶᠢ ᠴᠡᠭᠡᠷᠯᠡᠨ᠎ᠡ᠃《ᠪᠡᠯᠡᠭ ᠤᠨ ᠮᠤᠷᠢᠨ ᠤ ᠰᠢᠳᠤ ᠶᠢ ᠳᠠᠳᠠᠬᠤ ᠦᠭᠡᠢ》ᠭᠡᠰᠡᠨ ᠵᠦᠢᠷ ᠦᠭᠡ ᠪᠤᠢ᠃ ᠮᠤᠷᠢ ᠪᠠᠨ ᠵᠤᠪᠠᠭᠠᠬᠤ᠂ ᠮᠡᠰᠯᠡᠬᠦ᠂ ᠫᠤᠤ ᠵᠡᠪᠰᠡᠭ᠂ ᠲᠡᠮᠤᠷ ᠰᠢᠳᠡᠮ ᠬᠡᠷᠡᠭᠯᠡᠨ ᠶᠡᠬᠦᠳᠬᠡᠬᠦ ᠶᠢ ᠴᠡᠭᠡᠷᠯᠡᠨ᠎ᠡ᠃ ᠵᠦᠷᠢᠴᠡᠪᠡᠰᠤ ᠡᠵᠡᠨ᠂ ᠡᠷ᠎ᠡ ᠬᠦᠮᠦᠨ ᠤ ᠬᠡᠢ ᠮᠤᠷᠢ ᠳᠤᠷᠤᠶᠢᠳᠡᠨ ᠭᠡᠰᠢᠭ ᠪᠤᠶᠠᠨ ᠵᠠᠶᠢᠯᠠᠨ᠎ᠠ᠃ ᠦᠬᠦᠭᠰᠡᠨ ᠮᠤᠷᠢᠨ ᠤ ᠲᠤᠯᠤᠭᠠᠢ ᠶᠢ ᠮᠤᠯᠤᠷ ᠡᠷᠳᠡᠨᠢ ᠬᠡᠮᠡᠨ ᠬᠠᠮᠢᠶ᠎ᠠ ᠦᠭᠡᠢ ᠬᠠᠶᠠᠬᠤ ᠶᠢ ᠴᠡᠭᠡᠷᠯᠡᠵᠦ᠂ ᠬᠦᠯ ᠳᠤ ᠳᠠᠭᠠᠷᠢᠭᠤᠯᠬᠤ ᠦᠭᠡᠢ ᠬᠦᠷᠦᠰᠦᠨ ᠳᠤ ᠳᠠᠷᠤᠭᠤᠯᠬᠤ ᠦᠭᠡᠢ  ᠪᠠᠷ ᠦᠨᠳᠦᠷ ᠤᠷᠤᠢ ᠳᠡᠭᠡᠷ᠎ᠡ ᠨᠠᠷᠠ ᠮᠠᠨᠳᠤᠬᠤ ᠵᠦᠭ ᠲᠤ ᠬᠠᠨᠳᠤᠭᠤᠯᠤᠨ ᠲᠠᠯᠪᠢᠨ᠎ᠠ᠃ ᠡᠷ᠎ᠡ ᠡᠮ᠎ᠡ ᠬᠤᠶᠠᠭᠤᠯᠠ  ᠨᠢ ᠮᠤᠷᠢ ᠶᠢ ᠰᠤᠨᠳᠠᠯᠠᠵᠦ ᠤᠨᠤᠳᠠᠭ ᠦᠭᠡᠢ᠃ ᠤᠨᠤᠬᠤ ᠴᠢᠬᠤᠯᠠ ᠲᠠᠢ ᠦᠶ᠎ᠡ ᠳᠤ ᠳᠤᠮᠳᠠ ᠪᠠᠨ ᠳᠠᠷᠠᠰᠤ ᠪᠤᠶᠤ ᠡᠪᠡᠰᠦ ᠬᠠᠪᠴᠢᠭᠤᠯᠵᠦ ᠵᠠᠪᠰᠡᠷᠯᠡᠨ᠎ᠡ᠃    ᠤᠨᠠᠭ᠎ᠠ ᠪᠠᠷᠢᠬᠤ ᠳᠤ ᠬᠠᠮᠢᠶ᠎ᠠ ᠨᠠᠮᠢᠶ᠎ᠠ ᠦᠭᠡᠢ ᠡᠳᠦᠷ ᠢ ᠴᠡᠭᠡᠷᠯᠡᠵᠦ᠂ ᠵᠠᠪᠠᠯ ᠨᠠᠷᠠ ᠪᠤᠴᠠᠬᠤ ︵6 ᠳ᠋ᠤᠭᠠᠷ ᠰᠠᠷ᠎ᠠ ᠶᠢᠨ22 ᠤ ᠡᠳᠦᠷ︶ ᠦᠶᠡᠰ ᠤᠨ ᠪᠠᠷᠰ ᠡᠳᠦᠷ ᠢ ᠰᠤᠩᠭᠤᠳᠠᠭ᠃ ᠡᠨᠡ ᠨᠢ ᠤᠨᠠᠭ᠎ᠠ ᠪᠠᠨ ᠪᠠᠷᠰ ᠯᠤᠭ᠎ᠠ ᠠᠳᠠᠯᠢ ᠰᠦᠷ ᠬᠦᠴᠦᠳᠡᠢ᠂ ᠰᠡᠷᠭᠦᠯᠡᠩ ᠴᠤᠪᠤᠭᠤ ᠠᠳᠤᠭᠤ ᠪᠤᠯᠬᠤ ᠶᠢ ᠪᠡᠯᠭᠡᠳᠡᠭᠰᠡᠨ ᠤᠳᠬ᠎ᠠ ᠲᠠᠢ᠃ ᠤᠷᠤᠭ᠎ᠠ ᠮᠤᠷᠢ ᠶᠢ ᠤᠷᠭᠠᠯᠠᠬᠤ᠂ ᠪᠠᠷᠢᠬᠤ ᠳᠤ ᠤᠴᠢᠷ ᠵᠦᠭ ᠦᠭᠡᠢ ᠬᠦᠬᠡᠬᠡᠬᠦ᠂ ᠡᠯᠳᠡᠬᠦ᠂ ᠳᠠᠭᠠᠷᠢᠵᠦ ᠳᠤᠪᠳᠤᠯᠬᠤ ᠶᠢ ᠴᠡᠭᠡᠷᠯᠡᠨ᠎ᠡ᠃《 ᠤᠷᠤᠭ᠎ᠠ ᠮᠤᠷᠢ ᠶᠢ ᠠᠷᠭ᠎ᠠ ᠪᠠᠷ ᠪᠠᠷᠢᠵᠦ᠂ ᠤᠯᠠᠨ ᠠᠭᠠᠰᠢᠳᠠᠨ ᠢ ᠤᠬᠠᠭᠠᠨ ᠢᠶᠠᠷ ᠵᠠᠯᠠᠨ᠎ᠠ》ᠭᠡᠵᠦ ᠠᠷᠭ᠎ᠠ ᠡᠪ ᠢ ᠭᠢᠴᠢᠶᠡᠳᠡᠭ᠃ ᠠᠭᠳᠠ ᠮᠤᠷᠢ ᠨᠢ ᠮᠠᠯᠴᠢᠨ ᠲᠦᠮᠡᠨ ᠤ ᠳᠤᠳᠤᠨᠤ ᠬᠠᠨᠢ ᠪᠤᠯᠵᠦ᠂ ᠠᠬᠤᠢ ᠠᠮᠢᠳᠤᠷᠠᠯ᠂ ᠠᠶᠠᠨ ᠵᠠᠮ᠂ ᠠᠳᠠᠭᠠᠳᠠᠨ ᠳᠠᠶᠢᠰᠤᠨ ᠠᠴᠠ ᠨᠢ ᠰᠠᠯᠭᠠᠵᠦ ᠠᠮᠢ ᠨᠠᠰᠤᠨ ᠳᠤ ᠨᠢ ᠳᠤᠰᠠᠯᠠᠳᠠᠭ ᠤᠴᠢᠷ ᠠᠴᠠ ᠮᠤᠩᠭᠤᠯᠴᠤᠳ ᠮᠤᠷᠢ ᠪᠠᠨ ᠶᠡᠬᠡᠳᠡ ᠡᠷᠬᠢᠮᠯᠡᠳᠡᠭ ᠪᠤᠯᠵᠠᠢ᠃    
ᠢᠷᠡᠯᠲᠡ᠄ 《 ᠤᠷᠳᠤᠰ ᠮᠤᠩᠭᠤᠯᠴᠤᠳ ᠤᠨ ᠵᠠᠩ ᠦᠢᠯᠡ ᠪᠠ ᠰᠤᠶᠤᠯ ᠲᠡᠦᠬᠡ》ᠭᠡᠬᠦ ᠨᠤᠮ ᠠᠴᠠ ᠪᠠᠭᠤᠯᠭᠠᠪᠠ᠃