|
|
ᠨᠡᠶᠢᠲᠡᠯᠡᠭᠰᠡᠨ ᠴᠠᠭ᠄
2020/10/28
|
ᠦᠨᠳᠦᠷ ᠳᠡᠭᠡᠷ᠎ᠡ ᠪᠠᠨ ᠭᠠᠷᠬᠤ ᠳᠤ | ᠦᠷᠭᠦᠯᠵᠢ ᠶᠢᠨ ᠪᠠᠷ᠎ᠠ ᠬᠠᠷᠠᠭᠳᠠᠨ᠎ᠠ | ᠦᠷᠭᠦᠯᠵᠢᠳᠡ ᠯᠠ ᠬᠠᠷᠠᠭᠳᠠᠬᠤ ᠳᠤ | ᠠᠯᠠᠱᠠ ᠸᠠᠩ ᠤᠨ ᠰᠠᠷᠠᠨᠬᠦᠦ | | ᠠᠷᠪᠠᠨ ᠲᠡᠮᠡᠭᠡ ᠠᠴᠢᠶ᠎ᠠ ᠲᠠᠢ | ᠠᠯᠠᠭ ᠮᠤᠷᠢᠨ ᠢᠨᠵᠢ ᠲᠠᠢ | ᠲᠡᠷᠡ ᠴᠢᠨᠢ ᠬᠡᠨ ᠪᠤᠢ ᠭᠡᠪᠡᠯ | ᠠᠯᠠᠱᠠ ᠸᠠᠩ ᠤᠨ ᠰᠠᠷᠠᠨᠬᠦᠦ | | ᠬᠤᠷᠢᠨ ᠲᠡᠮᠡᠭᠡ ᠠᠴᠢᠶ᠎ᠠ ᠲᠠᠢ | ᠬᠤᠯᠠ ᠮᠤᠷᠢ ᠢᠨᠵᠢ ᠲᠠᠢ | ᠲᠡᠷᠡ ᠴᠢᠨᠢ ᠬᠡᠨ ᠪᠤᠢ ᠭᠡᠪᠡᠯ | ᠠᠯᠠᠱᠠ ᠸᠠᠩ ᠤᠨ ᠰᠠᠷᠠᠨᠬᠦᠦ | | | ᠭᠤᠴᠢᠨ ᠲᠡᠮᠡᠭᠡ ᠠᠴᠢᠶ᠎ᠠ ᠲᠠᠢ | ᠭᠤᠷᠪᠠᠨ ᠶᠡᠭᠡ ᠠᠮᠪᠠᠨ ᠲᠠᠢ | ᠲᠡᠷᠡ ᠴᠢᠨᠢ ᠬᠡᠨ ᠪᠤᠢ ᠭᠡᠪᠡᠯ | ᠠᠯᠠᠱᠠ ᠸᠠᠩ ᠤᠨ ᠰᠠᠷᠠᠨᠬᠦᠦ |
|
|
|
|
ᠢᠷᠡᠯᠲᠡ᠄
ᠶᠢᠨ ᠢᠦᠢ ᠱᠠᠨ ᠤ《ᠤᠷᠳᠤᠰ ᠭᠦᠷᠦ ᠳᠠᠭᠤᠤ》ᠭᠡᠬᠦ ᠨᠤᠮ ᠠᠴᠠ ᠪᠠᠭᠤᠯᠭᠠᠪᠠ᠃
|