ᠴᠠᠢ ᠪᠠᠷᠢᠬᠤ ᠶᠣᠰᠣ
ᠨᠡᠶᠢᠲᠡᠯᠡᠭᠰᠡᠨ ᠴᠠᠭ᠄
2020/11/24
      ᠮᠠᠨ ᠤ ᠮᠤᠩᠭᠤᠯ ᠤᠨ ᠴᠠᠢ ᠪᠠᠷᠢᠬᠤ ᠶᠣᠰᠣᠨ ᠪᠣᠯ ᠨᠢᠭᠡᠨ ᠰᠠᠶᠢᠬᠠᠨ ᠪᠣᠯᠪᠠᠰᠤᠨ ᠰᠣᠷᠲᠠᠯ ᠪᠠᠶᠢᠵᠤ᠂ ᠭᠡᠶᠢᠴᠢᠨ ᠵᠣᠴᠢᠨ ᠢᠶᠠᠨ ᠬᠠᠯᠠᠭᠤᠮᠰᠤᠭ ᠢᠶᠠᠷ ᠤᠬᠳᠤᠨ ᠬᠦᠨᠳᠦᠦᠨᠬᠡᠵᠦ ᠪᠦᠬᠦᠢ ᠰᠡᠦᠨᠬᠢᠯ ᠢᠶᠠᠨ ᠢᠯᠡᠦᠨᠬᠡᠭᠰᠡᠨ ᠵᠣᠴᠢᠨᠰᠠᠭ ᠵᠠᠩ ᠤᠶᠢᠯᠡ ᠪᠣᠯᠤᠨ᠎ᠠ᠃ ᠮᠠᠨ ᠤ ᠮᠤᠩᠭᠤᠯᠴᠣᠤᠨ ᠶᠡᠷᠦ ᠶᠢᠨ ᠦᠶ᠎ᠡ ᠳᠤ ᠴᠤ ᠭᠡᠰᠡᠨ ᠠᠶᠢᠯᠴᠢᠨ ᠵᠣᠴᠢᠨ ᠳᠠᠭᠠᠨ ᠶᠠᠭᠤᠨ ᠤ ᠡᠮᠦᠨ᠎ᠡ ᠰᠦ ᠲᠠᠢ ᠴᠠᠢ ᠠᠶᠠᠭᠠᠯᠠᠨ ᠪᠠᠷᠢᠵᠤ ᠬᠠᠭᠤᠷᠤᠬᠰᠠᠨ ᠠᠮᠤ᠂ ᠬᠤᠷᠣᠤᠨ ᠲᠣᠰᠣ᠂ ᠪᠣᠤᠪᠤ ᠰᠢᠬᠢᠷ ᠥᠷᠦᠨ ᠲᠠᠯᠪᠢᠵᠤ ᠡᠷᠡᠭᠡ ᠦᠭᠡᠢ ᠵᠣᠭᠤᠬᠯᠠᠬᠤ ᠶᠢ ᠬᠦᠰᠡᠨ ᠶᠠᠩᠨᠠᠳᠠᠭ᠃ ᠨᠡᠩ ᠢᠯᠠᠩᠭᠤᠶ᠎ᠠ ᠬᠤᠷᠢᠮ ᠨᠠᠶᠢᠷ ᠲᠤ ᠢᠷᠡᠭᠰᠡᠨ ᠵᠣᠴᠢᠳ ᠲᠤ ᠶᠠᠭᠤᠨ ᠤ ᠡᠮᠦᠨ᠎ᠡ ᠥᠷᠦᠮ᠎ᠡ ᠬᠤᠷᠣᠤᠨ᠂ ᠪᠣᠤᠪᠤ ᠪᠣᠭᠤᠷᠰᠤᠭ ᠭᠡᠬᠦᠴᠢᠯᠡᠨ ᠳᠡᠭᠡᠳᠦ ᠢᠳᠡᠭᠡᠨ ᠢ ᠰᠢᠷᠡᠭᠡ ᠳᠦᠭᠦᠷᠡᠩ ᠥᠷᠦᠵᠦ᠂ ᠰᠦ ᠲᠠᠢ ᠴᠠᠢ ᠪᠠᠨ ᠬᠤᠶᠠᠷ ᠭᠠᠷ ᠢᠶᠠᠷ ᠢᠶᠠᠨ ᠡᠷᠭᠦᠨ ᠪᠠᠷᠢᠳᠠᠭ ᠃ ᠡᠩ ᠤᠨ ᠴᠠᠭ ᠲᠤ ᠠᠯᠢ ᠨᠢᠭᠡᠨ ᠭᠡᠷ ᠲᠤ ᠣᠷᠤᠬᠤ ᠳᠤ ᠬᠡᠷᠪᠡ ᠴᠠᠢ ᠪᠠᠷᠢᠬᠤ ᠦᠭᠡᠢ ᠪᠣᠯ ︽ᠴᠠᠢ ᠴᠤ ᠦᠭᠡᠢ᠂ ᠴᠢᠷᠠᠢ ᠴᠤ ᠦᠭᠡᠢ︾ ᠭᠡᠵᠤ ᠬᠤᠶᠢᠨ᠎ᠠ ᠨᠢ ᠮᠠᠭᠤᠰᠢᠶᠠᠳᠠᠭ᠃ ᠡᠶᠢᠨ ᠬᠦ ᠮᠤᠩᠭᠤᠯᠴᠣᠤᠨ ᠤᠨ ᠴᠠᠢ ᠪᠠᠷᠢᠬᠤ ᠶᠣᠰᠣᠨ ᠪᠣᠯ ᠭᠡᠶᠢᠴᠢᠨ ᠵᠣᠴᠢᠨ ᠢᠶᠠᠨ ᠬᠠᠯᠠᠭᠤᠨ ᠢᠶᠠᠷ ᠤᠬᠳᠤᠨ ᠬᠦᠨᠳᠦᠦᠨᠬᠡᠵᠦ ᠪᠦᠬᠦᠢ ᠰᠡᠦᠨᠬᠢᠯ ᠢ ᠢᠯᠡᠷᠬᠡᠶᠢᠯᠡᠭᠰᠡᠨ ᠨᠠᠶᠢᠷ ᠬᠤᠷᠢᠮ ᠤᠨ ᠡᠬᠢᠯᠡᠯᠲᠡ ᠮᠦᠨ᠃ ᠬᠤᠷᠢᠮ ᠨᠠᠶᠢᠷ ᠳᠡᠭᠡᠷ᠎ᠡ ᠪᠣᠯ ᠲᠤᠰᠬᠠᠢ ᠴᠠᠢ ᠠᠶᠠᠭᠠᠯᠠᠨ ᠪᠠᠷᠢᠬᠤ ᠬᠦᠮᠦᠨ ᠲᠣᠬᠢᠷᠠᠭᠤᠯᠳᠠᠭ᠃ ᠴᠠᠢ ᠠᠶᠠᠭᠠᠯᠠᠬᠤ ᠬᠦᠮᠦᠨ ᠴᠠᠢ ᠠᠪᠬᠤ ᠬᠦᠮᠦᠨ ᠤ ᠠᠶᠠᠭ᠎ᠠ ᠶᠢ ᠬᠤᠶᠠᠷ ᠭᠠᠷ ᠢᠶᠠᠷ ᠢᠶᠠᠨ ᠲᠣᠰᠣᠨ ᠠᠪᠴᠤ᠂ ᠴᠠᠢ ᠬᠢᠵᠦ ᠳᠦᠭᠦᠷᠬᠡᠭᠡᠦᠨ ᠳᠠᠬᠢᠨ ᠬᠤᠶᠠᠷ ᠭᠠᠷ ᠢᠶᠠᠷ ᠢᠶᠠᠨ ᠡᠷᠭᠦᠨ ᠪᠠᠷᠢᠳᠠᠭ᠃ ᠭᠡᠬᠦ ᠳᠤ ᠠᠶᠠᠭ᠎ᠠ ᠲᠠᠢ ᠴᠠᠢ ᠳᠤ ᠬᠤᠷᠤᠭᠤ ᠪᠠᠨ ᠬᠦᠷᠭᠡᠬᠦ ᠪᠣᠶᠤ ᠡᠷᠡᠬᠡᠢ ᠬᠤᠷᠤᠭᠤ ᠪᠠᠨ ᠡᠷᠲᠡᠶᠢᠯᠭᠡᠵᠦ ᠪᠠᠷᠢᠬᠤ ᠶᠢ ᠴᠡᠭᠡᠷᠯᠡᠳᠡᠭ ᠪᠠᠶᠢᠵᠠᠢ᠃  
ᠢᠷᠡᠯᠲᠡ᠄ ᠤᠷᠳᠤᠰ ᠮᠤᠩᠭᠤᠯ ᠰᠦᠯᠵᠢᠶ᠎ᠡ