ᠮᠠᠨ ᠤ ᠬᠤᠰᠢᠭᠤᠨ ᠤ ᠤᠯᠠᠭᠠᠨᠮᠦ᠋ᠴᠢᠷ ᠤᠨ ᠬᠢᠨ ᠲᠦᠪ ᠲᠧᠯᠸᠢᠰ ᠲᠤ ᠤᠷᠢᠬᠳᠠᠯ᠎ᠠ
ᠨᠡᠶᠢᠲᠡᠯᠡᠭᠰᠡᠨ ᠴᠠᠭ᠄
2020/12/22
    ᠮᠠᠨ ᠤ ᠬᠤᠰᠢᠭᠤᠨ ᠤ ᠤᠯᠠᠭᠠᠨᠮᠦ᠋ᠴᠢᠷ ᠤᠨ ᠭᠤᠷᠪᠠᠨ ᠬᠡᠰᠢᠬᠦᠨ ᠤᠯᠠᠭᠠᠬᠠᠨᠳᠠ ᠬᠤᠳᠠ ᠳᠤ ᠶᠠᠪᠤᠬᠳᠠᠬᠰᠠᠨ ᠬᠤᠶᠠᠳᠤᠭᠠᠷ ᠬᠤᠭᠤᠴᠠᠭᠠᠨ ᠤ ᠦᠪᠦᠷ ᠮᠤᠩᠭᠤᠯ ᠤᠨ ᠰᠢᠨ᠎ᠠ ᠬᠦᠮᠥᠨ ᠰᠢᠨ᠎ᠠ ᠪᠦᠳᠦᠬᠡᠯ ᠤᠨ ᠤᠷᠤᠯᠳᠤᠭᠠᠨ ᠳᠤ ᠤᠷᠤᠯᠴᠠᠬᠤ ᠵᠠᠮ ᠳᠠᠭᠠᠨ ᠴᠠᠰᠤᠨ ᠳᠤ ᠬᠠᠰᠢᠬᠳᠠᠬᠰᠠᠨ ᠲᠤᠬᠢᠶᠠᠯᠳᠦᠯ ᠲᠠᠢ᠃ ᠲᠡᠷᠡ ᠪᠠᠷ ᠭᠤᠷᠪᠠᠭᠤᠯᠠ ᠪᠠᠨ ᠭᠠᠯᠳᠤ ᠲᠡᠷᠬᠡᠨ ᠲᠡᠭᠡᠷ᠎ᠠ ᠬᠦᠭᠵᠢᠮ ᠡᠬᠦᠰᠬᠡᠨ ᠠᠶᠠᠨᠴᠢᠳ ᠲᠤ ᠠᠶ᠎ᠠ ᠲᠠᠭᠤᠤ ᠪᠠᠷᠢᠨ ᠠᠶᠠᠨ ᠵᠠᠮ ᠬᠠᠭᠠᠬᠳᠠᠬᠰᠠᠨ ᠰᠡᠳᠬᠢᠯ ᠤᠨ ᠪᠤᠬᠢᠨᠢᠳᠦᠯ ᠢ ᠲᠠᠶᠢᠯᠤᠬᠰᠠᠨ ᠢᠶᠠᠷ ᠰᠦᠯᠵᠢᠶᠠᠨ ᠵᠠᠭᠤᠴᠢᠯᠠᠭᠤᠷ ᠢᠶᠠᠷ ᠦᠷᠬᠡᠨ ᠰᠠᠴᠤᠬᠳᠠᠵᠦ᠂ 4 ᠳ᠋ᠥᠡᠭᠰᠢᠭᠤᠷ ᠢᠯᠡᠬᠦᠦ ᠰᠦᠯᠵᠢᠶᠠᠨ ᠠᠰᠢᠬᠯᠠᠬᠴᠢᠳ ᠲᠤ ᠲᠨᠨᠢᠬᠳᠠᠬᠰᠠᠨ ᠪᠠᠶᠢᠳᠠᠭ᠃ ᠲᠡᠷᠡ ᠭᠤᠷᠪᠠᠭᠤᠯᠠ ᠪᠤᠯ ᠵᠢᠶᠠ ᠯᠥᠡᠭ᠂ ᠯᠢ ᠬᠦᠸᠧ ᠭᠤᠸᠠᠩ᠂ ᠯᠢᠤ ᠳ᠋ᠥᠡᠭ ᠨᠠᠷ ᠪᠠᠶᠢᠪᠠ᠃
   ᠤᠷᠤᠯᠳᠤᠭᠠᠨ ᠢ ᠵᠤᠬᠢᠶᠠᠨ ᠪᠠᠶᠢᠭᠤᠯᠬᠤ ᠺᠤᠮᠢᠰ ᠤᠨ ᠬᠢᠨ ᠬᠤᠵᠢᠬᠳᠠᠵᠦ ᠢᠷᠡᠭᠰᠡᠨ ᠲᠡᠳᠡ ᠭᠤᠷᠪᠠᠭᠤᠯᠠ ᠳᠤ ᠨᠦᠬᠦᠵᠦ ᠲᠤᠬᠯᠠᠬᠤ ᠵᠠᠪᠰᠢᠶᠠᠨ ᠤᠯᠭᠤᠬᠰᠠᠨ ᠢᠶᠠᠷ ︽ᠬᠦᠡᠭᠬᠡᠨ ᠮᠤᠷᠢᠳᠤ ᠴᠡᠷᠢᠭ︾ ᠲᠤᠬᠯᠠᠯᠳᠠ ᠨᠢ ᠬᠦᠭᠵᠢᠮ ᠤᠨ ᠲᠤᠭᠤᠢᠢᠯᠠᠩ ᠤᠨ ᠮᠥᠡᠭᠬᠦᠨ ᠱᠠᠩᠨᠠᠯ ᠢ ᠲᠤᠰᠴᠡᠢ᠃ ᠮᠥᠨ ᠴᠤ ᠲᠡᠳᠡ ᠭᠤᠷᠪᠠᠭᠤᠯᠠ ᠳᠤ ᠤᠯᠠᠭᠠᠨᠮᠦ᠋ᠴᠢᠷ ᠤᠨ ᠵᠤᠷᠢᠭ ᠰᠠᠨᠠᠭ᠎ᠠ ᠶᠢ ᠦᠨᠡᠨ ᠬᠦ ᠪᠤᠳᠠᠳᠠᠶᠢᠵᠢᠭᠤᠯᠵᠦ ᠦᠢᠯᠡᠳᠦᠯᠬᠡᠵᠢᠬᠦᠯᠦᠭᠰᠡᠨ ᠤᠨᠴᠠᠭᠠᠢ ᠱᠠᠩᠨᠠᠯ ᠤᠯᠭᠤᠵᠡᠢ᠃ ᠦᠢᠷᠠᠳᠬᠠᠨ ᠲᠡᠳᠡ ᠲᠥᠪ ᠲᠧᠯᠸᠢᠰ ᠬᠤᠷᠢᠶᠠᠨ ᠤ ᠤᠷᠢᠯᠭ᠎ᠠ ᠶᠢ ᠬᠦᠯᠢᠶᠡᠨ ᠠᠪᠤᠬᠰᠠᠨ ᠢᠶᠠᠷ ᠰᠡᠳᠬᠢᠯ ᠬᠠᠨᠭ᠍ᠬᠤᠭᠤᠯᠤᠨ ᠪᠠᠶᠢᠬᠰᠠᠨ ᠨᠢ ᠦᠨᠡᠨᠳᠡᠢ᠃    ᠲᠥᠪ ᠲᠧᠯᠸᠢᠰ ᠤᠨ ︽ᠰᠢᠵᠢᠷ ᠠᠯᠲᠠᠨ 100 ᠰᠧᠺᠦ᠋ᠨ᠋ᠳ᠋︾ ᠪᠤᠯᠤᠩ ᠤᠨ ᠤᠳᠤᠷᠢᠳᠤᠭᠠᠴᠢ ᠶᠢᠨ ᠳᠤᠭᠤᠢᠢᠯᠠᠩ ᠤᠨ ᠬᠢᠨ ᠲᠡᠳᠡᠨ ᠤ ᠦᠢᠯᠠ ᠠᠵᠢᠯᠯᠠᠭ᠎ᠠ ᠶᠢ ᠠᠩᠬᠠᠷᠤᠬᠰᠠᠨ ᠢᠶᠠᠷ ᠯᠢᠦ ᠳ᠋ᠦᠩ᠂ ᠯᠢ ᠭᠦᠸᠧ ᠭᠤᠸᠠᠩ᠂ ᠵᠢᠶᠠ ᠯᠦᠩ ᠢ ᠨᠠᠶᠢᠵᠠ ᠨᠠᠷ ᠲᠠᠢ ᠪᠠᠨ ᠬᠠᠮᠲᠤ ᠣᠷᠣᠯᠴᠠᠭᠤᠯᠬᠤ ᠶᠢ ᠤᠷᠢᠵᠦ᠂ ᠲᠠᠯᠠᠳ ᠬᠤᠰᠢᠭᠤᠨ ᠤ ᠤᠯᠠᠭᠠᠨᠮᠦ᠋ᠴᠢᠷ ᠤᠨ ᠪᠦᠷᠬᠦᠳ ᠬᠠᠮᠳᠤᠯᠢᠭ ᠤᠨ ᠲᠤᠰᠬᠠᠢ ᠲᠤᠬᠯᠠᠯᠳᠠ ᠶᠢ ᠰᠢᠩᠬᠡᠬᠡᠬᠦ ᠪᠠᠷ ᠲᠤᠬᠳᠠᠵᠡᠢ᠃ ᠲᠡᠳᠡ ᠪᠣᠯᠵᠣᠭᠰᠠᠨ ᠶᠣᠰᠣᠭᠠᠷ ᠢᠶᠠᠨ ᠲᠥᠪ ᠲᠧᠯᠸᠢᠰ ᠤᠨ ᠲᠣᠭᠯᠠᠯᠲᠠ ᠶᠢᠨ ᠶᠡᠭᠡ ᠲᠢᠩᠬᠢᠮ ᠳᠤ ᠬᠦᠷᠴᠤ ᠪᠢᠯᠡ᠃     ᠬᠠᠬᠢᠷ ᠬᠦᠢᠲᠡᠨ ᠡᠪᠦᠯ ᠤᠨ ᠤᠯᠠᠷᠢᠯ ᠳᠤ ︽ᠤᠯᠠᠭᠠᠨᠮᠦ᠋ᠴᠢᠷ︾ ᠨᠢ ᠪᠦᠬᠦ ᠤᠯᠤᠰ ᠲᠤ ᠳᠠᠬᠢᠨᠲᠠ ᠭᠠᠯ ᠳᠦᠷᠡᠯᠵᠡᠭᠦᠯᠵᠦ᠂ ᠪᠦᠷᠭᠦᠳ ᠬᠠᠮᠲᠤᠯᠢᠭ ᠡᠨᠡ ᠤᠳᠠᠭ᠎ᠠ ᠲᠥᠪ ᠲᠧᠯᠧᠢᠰ ᠤᠨ ︽ᠰᠢᠵᠢᠷ ᠠᠯᠲᠠᠨ 100 ᠰᠧᠺᠦ᠋ᠨ᠋ᠳ᠋︾ ᠲᠤ ᠣᠷᠣᠯᠴᠠᠬᠤ ᠳᠠᠭᠠᠨ ᠤᠯᠠᠭᠠᠨᠮᠦ᠋ᠴᠢᠷ ᠤᠨ ᠵᠣᠷᠢᠭ ᠰᠠᠨᠠᠭ᠎ᠠ ᠶᠢ ᠪᠠᠳᠠᠷᠠᠭᠤᠯᠵᠦ᠂ ᠬᠥᠮᠦᠰ ᠤᠨ ᠢᠲᠡᠭᠡᠯ ᠵᠣᠷᠢᠭ ᠢ ᠬᠥᠪᠴᠢᠯᠡᠵᠦ ᠴᠢᠳᠠᠬᠰᠠᠨ ᠢᠶᠠᠷ ᠮᠠᠬᠳᠠᠭᠤᠰᠢᠳᠡᠢ ᠪᠢᠯᠠ᠃        
ᠢᠷᠡᠯᠲᠡ᠄ ᠤᠷᠳᠤᠰ ᠮᠤᠩᠭᠤᠯ ᠰᠦᠯᠵᠢᠶ᠎ᠡ