ᠳᠡᠭᠡᠵᠢ ᠪᠠᠷᠢᠬᠤ ᠶᠣᠰᠣᠨ ᠠᠴᠠ ᠤᠴᠢᠷᠯᠠᠬᠤᠢ
ᠨᠡᠶᠢᠲᠡᠯᠡᠭᠰᠡᠨ ᠴᠠᠭ᠄
2020/12/7
                             ᠪᠢᠳᠠ ᠡᠳᠦᠷ ᠳᠣᠳᠤᠮ ᠤᠨ ᠠᠮᠢᠳᠤᠷᠠᠯ ᠳᠤᠮᠳᠠ ᠬᠤᠭᠤᠯᠠ ᠪᠤᠳᠠᠭ᠎ᠠ ᠢᠳᠡᠬᠦ ᠪᠦᠷᠢ ᠳᠡᠭᠡᠵᠢ ᠪᠠᠷᠢᠬᠤ ᠶᠣᠰᠣᠨ ᠢ ᠮᠠᠰᠢ ᠴᠢᠩᠭ᠎ᠠ ᠪᠠᠷᠢᠮᠲᠠᠯᠠᠳᠠᠭ ᠵᠠᠩᠰᠢᠯ ᠲᠠᠢ ᠪᠠᠶᠢᠳᠠᠭ᠃ ᠴᠠᠭ ᠪᠦᠷᠢ ᠶᠢᠨ ᠴᠠᠢ ᠬᠤᠭᠤᠯᠠᠨ ᠤ ᠳᠡᠭᠡᠵᠢ ᠶᠢ ᠵᠠᠪᠠᠯ ᠠᠬᠠᠮᠠᠳ ᠨᠠᠰᠤᠲᠠᠨ᠂ ᠠᠪᠤ ᠡᠵᠢ᠂ ᠠᠬ᠎ᠠ ᠡᠭᠡᠴᠢ ᠭᠡᠬᠦᠴᠢᠯᠡᠨ ᠦᠶ᠎ᠡ ᠵᠡᠷᠭᠡ ᠨᠠᠰᠤ ᠵᠢᠯ ᠳᠠᠷᠠᠭᠠᠯᠠᠨ ᠪᠠᠷᠢᠳᠠᠭ ᠶᠤᠮ᠃ ᠠᠬᠠᠮᠠᠳ ᠬᠦᠮᠦᠨ ᠠᠴᠠ ᠤᠷᠢᠳ ᠢᠶᠠᠷ ᠰᠢᠷᠡᠭᠡᠨ ᠳᠤ ᠰᠠᠭᠤᠵᠤ ᠢᠳᠡᠭᠡᠨ ᠤᠮᠳᠠᠭᠠᠨ ᠪᠠ ᠳᠡᠭᠡᠵᠢ ᠳᠤ ᠭᠠᠷ ᠬᠦᠷᠬᠦ ᠶᠣᠰᠣ ᠦᠭᠡᠢ᠃ ︽ᠮᠤᠩᠭᠤᠯ ᠤᠨ ᠨᠢᠭᠤᠴᠠ ᠲᠣᠪᠴᠢᠶᠠᠨ︾ ᠳᠤ ᠴᠢᠩᠭᠢᠰ ᠬᠠᠭᠠᠨ᠂ ᠥᠭᠡᠯᠦᠨ ᠦᠵᠢᠨ ᠲᠡᠷᠢᠭᠦᠲᠡᠢ ᠣᠯᠠᠨ ᠬᠦᠮᠦᠨ ᠨᠢᠭᠡ ᠤᠳᠠᠭ᠎ᠠ ᠣᠨᠤᠨ ᠮᠦᠷᠡᠨ ᠤ ᠬᠦᠪᠡᠭᠡᠨ ᠳᠤ ᠨᠠᠶᠢᠷᠯᠠᠯᠳᠤᠨ ᠰᠠᠭᠤᠵᠠᠢ᠃ ᠰᠡᠴᠡᠨ ᠪᠦᠬᠡ ᠶᠢᠨ ᠭᠤᠷᠪᠠᠨ ᠡᠬᠡ ᠳᠤ ᠲᠣᠭᠤᠭᠠᠴᠢ ᠴᠡᠭᠡ ᠪᠠᠷᠢᠬᠤ ᠳᠠᠭᠠᠨ ᠤᠷᠢᠳ ᠢᠶᠠᠷ ᠪᠠᠭ᠎ᠠ ᠡᠬᠡ ᠡᠪᠡᠬᠡᠢ ᠳᠤ ᠡᠷᠭᠦᠨ ᠪᠠᠷᠢᠵᠠᠢ᠃ ᠡᠭᠦᠨ ᠳᠤ ᠬᠤᠶᠠᠷ ᠶᠡᠭᠡ ᠡᠬᠡ — ᠬᠤᠷᠢᠵᠢᠨ ᠬᠠᠳᠤᠨ᠂ ᠬᠤᠷᠭᠤᠴᠠᠨ ᠬᠠᠳᠤᠨ ᠠᠭᠤᠷᠯᠠᠵᠤ ᠰᠢᠬᠢᠭᠦᠷ ᠢ ᠵᠣᠳᠤᠬᠰᠠᠨ ᠤᠴᠢᠷ ᠢ ᠳᠡᠮᠳᠡᠭᠯᠡᠭᠰᠡᠨ ᠪᠠᠶᠢᠳᠠᠭ᠃ ᠡᠨᠡ ᠪᠣᠯ ᠳᠠᠷᠤᠢ ᠳᠡᠭᠡᠵᠢ ᠪᠠᠷᠢᠬᠤ ᠶᠢᠨ ᠳᠡᠰ ᠳᠠᠷᠠᠭᠠᠯᠠᠯ ᠠᠴᠠ ᠡᠭᠦᠰᠦᠭᠰᠡᠨ ᠤᠴᠢᠷ ᠪᠣᠯᠤᠨ᠎ᠠ᠃ ᠡᠭᠦᠨ ᠠᠴᠠ ᠪᠢᠳᠡ ᠮᠠᠨ ᠤ ᠮᠤᠩᠭᠤᠯᠴᠣᠤᠨ ᠳᠡᠭᠡᠵᠢ ᠪᠠᠷᠢᠬᠤ ᠶᠣᠰᠣᠨ ᠢ ᠡᠷᠬᠢᠮᠯᠡᠨ᠂ ᠳᠡᠭᠡᠵᠢ ᠪᠠᠷᠢᠬᠤ ᠳᠡᠰ ᠳᠠᠷᠠᠭᠠᠯᠠᠯ ᠢ ᠬᠦᠨᠳᠦᠦᠨᠬᠡᠯ ᠳᠣᠷᠤᠮᠵᠢᠯᠠᠯ ᠤᠨ ᠴᠢᠬᠤᠯᠠ ᠢᠯᠡᠷᠡᠯ ᠪᠣᠯᠭᠠᠨ ᠦᠵᠡᠳᠡᠭ ᠭᠡᠰᠡᠨ ᠢ ᠤᠬᠠᠨ ᠮᠡᠳᠡᠵᠦ ᠪᠣᠯᠤᠨ᠎ᠠ᠃   ᠣᠳᠣᠬᠠᠨ᠎ᠠ ᠡᠨᠡ ᠬᠦ ᠳᠡᠭᠡᠵᠢ ᠪᠠᠷᠢᠬᠤ ᠬᠦᠨᠳᠦᠦᠨᠬᠡᠯ ᠤᠨ ᠶᠣᠰᠣ ᠬᠠᠷᠢᠨ ᠣᠷᠣᠨ ᠵᠠᠢ ᠪᠠᠨ ᠠᠯᠳᠠᠵᠤ᠂ ᠨᠠᠰᠤᠲᠠᠨ ᠲᠣᠮᠤᠭᠠᠲᠠᠣᠨ ᠤᠨ ᠳᠤᠷ᠎ᠠ ᠦᠭᠡᠶᠢᠴᠡᠯ ᠢ ᠬᠦᠷᠭᠡᠵᠦ ᠪᠤᠢ᠃ ᠨᠠᠰᠤᠲᠠᠨ ᠠᠴᠠ ᠪᠠᠨ ᠤᠷᠢᠳ ᠢᠶᠠᠷ ᠦᠷ᠎ᠡ ᠬᠡᠦᠬᠡᠳ ᠲᠡᠭᠡᠨ ᠢᠳᠡᠭᠡᠨ ᠤ ᠳᠡᠭᠡᠵᠢ ᠪᠠᠨ ᠠᠮᠰᠠᠭᠤᠯᠬᠤ᠂ ᠬᠡᠦᠬᠡᠳ ᠰᠢᠷᠡᠭᠡᠨ᠎ᠡ ᠰᠠᠭᠤᠬᠰᠠᠭᠠᠷ ᠰᠠᠪᠬ᠎ᠠ ᠶᠢ ᠪᠣᠰᠣᠤᠨ ᠠᠴᠠ ᠤᠷᠢᠳ ᠢᠶᠠᠷ ᠬᠦᠳᠡᠯᠭᠡᠬᠦ ᠵᠢᠴᠢ ᠬᠤᠷᠢᠮ ᠨᠠᠶᠢᠷ ᠤᠨ ᠰᠢᠷᠡᠭᠡᠨ ᠳᠤ ᠠᠷᠢᠬᠢ ᠳᠠᠷᠠᠰᠤ ᠪᠠᠷᠢᠬᠤ ᠳᠠᠭᠠᠨ ᠨᠠᠰᠤ ᠵᠢᠯ᠂ ᠦᠶ᠎ᠡ ᠵᠡᠷᠭᠡ ᠢᠯᠭᠠᠯ ᠦᠭᠡᠢ ᠪᠠᠷ ᠠᠯᠪᠠ ᠲᠡᠳᠦᠢ ᠨᠢᠭᠡ ᠵᠠᠬ᠎ᠠ ᠠᠴᠠ ᠨᠢ ᠪᠠᠷᠢᠴᠢᠬᠠᠶ᠎ᠠ ᠭᠡᠳ ᠮᠤᠩᠭᠤᠯ ᠤᠨ ᠰᠠᠶᠢᠬᠠᠨ ᠬᠦᠨᠳᠦᠦᠨᠬᠡᠯ ᠤᠨ ᠶᠣᠰᠣᠨ ᠢᠶᠠᠨ ᠮᠠᠩᠬᠠᠨ ᠳᠤ ᠪᠣᠯᠠᠭᠠᠣᠨ ᠬᠠᠶᠠᠴᠢᠬᠠᠳᠠᠭ᠃   ᠢᠳᠡᠭᠡᠨ ᠤᠮᠳᠠᠭᠠᠨ ᠤ ᠳᠡᠭᠡᠵᠢ ᠶᠢ ᠡᠷᠬᠢᠮᠯᠡᠨ ᠬᠦᠨᠳᠦᠦᠨᠬᠡᠬᠦ ᠵᠠᠩ ᠤᠶᠢᠯᠡ ᠪᠣᠯ ᠮᠤᠩᠭᠤᠯ ᠰᠣᠶᠣᠯ ᠵᠠᠩᠰᠢᠯ ᠤᠨ ᠴᠢᠬᠤᠯᠠ ᠠᠭᠤᠯᠭ᠎ᠠ ᠶᠢᠨ ᠨᠢᠭᠡ ᠨᠢ ᠪᠣᠯᠤᠨ᠎ᠠ᠃ ᠡᠶᠢᠮᠦ ᠠᠴᠠ ᠢᠳᠡᠭᠡᠨ ᠤᠮᠳᠠᠭᠠᠨ ᠤ ᠳᠡᠭᠡᠵᠢ ᠪᠠᠷᠢᠬᠤ ᠳᠤ ᠵᠠᠪᠠᠯ ᠲᠥᠪ ᠬᠢᠴᠢᠶᠡᠩᠭᠦᠢ ᠬᠠᠨᠳᠤᠵᠤ ᠦᠷ᠎ᠡ ᠬᠤᠶᠢᠴᠢᠰ ᠲᠠᠭᠠᠨ ᠪᠣᠯᠪᠠᠰᠤᠨ ᠳᠠᠷᠣᠤ ᠶᠣᠰᠣᠷᠬᠠᠭ ᠬᠦᠮᠦᠵᠢᠯ ᠬᠦᠷᠲᠡᠭᠡᠪᠡᠯ ᠵᠣᠬᠢᠨ᠎ᠠ᠃ ᠥᠴᠦᠬᠡᠨ ᠪᠠᠭ᠎ᠠ ᠵᠦᠢᠯᠡᠰ ᠢᠶᠠᠷ ᠦᠵᠡᠵᠦ ᠤᠮᠳᠤᠭᠠᠶᠢᠯᠠᠵᠤ ᠥᠯᠦ ᠪᠣᠯᠤᠨᠠᠮ᠃  
ᠢᠷᠡᠯᠲᠡ᠄ ᠤᠷᠳᠤᠰ ᠮᠤᠩᠭᠤᠯ ᠰᠦᠯᠵᠢᠶ᠎ᠠ