ᠵᠡᠭᠡᠰᠤᠳᠡᠢ ᠪᠠᠯᠭᠠᠰᠤ ᠠᠵᠢᠯ ᠤᠯᠭᠤᠯᠳᠠ ᠪᠠᠷ ᠶᠠᠳᠠᠭᠤ ᠶᠢ ᠳᠡᠳᠬᠦᠬᠦ ᠶᠢ ᠠᠬᠢᠭᠤᠯᠤᠨ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠳᠠᠶᠢᠯᠠᠯᠳᠤᠭᠠᠨ ᠳᠤ ᠬᠦᠴᠤ ᠬᠠᠮᠵᠢᠯᠴᠠᠨ᠎ᠠ
ᠨᠡᠶᠢᠲᠡᠯᠡᠭᠰᠡᠨ ᠴᠠᠭ᠄
2020/5/11
    ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠳᠠᠶᠢᠯᠠᠯᠳᠤᠭᠠᠨ ᠤ ᠦᠷ᠎ᠠ ᠪᠦᠳᠤᠮᠵᠢ ᠶᠢ ᠴᠢᠨᠠᠬᠰᠢᠳᠠ ᠪᠠᠳᠤᠳᠬᠠᠬᠤ ᠶᠢᠨ ᠳᠤᠰᠠᠳᠠ᠂ ᠵᠡᠭᠡᠰᠤᠳᠡᠢ ᠪᠠᠯᠭᠠᠰᠤ ᠠᠵᠢᠯ ᠤᠯᠭᠤᠯᠳᠠ ᠪᠠᠷ ᠶᠠᠳᠠᠭᠤ ᠶᠢ ᠳᠡᠳᠬᠦᠬᠦ ᠶᠢ ᠠᠬᠢᠭᠤᠯᠤᠨ᠂ ᠠᠵᠢᠯ ᠤᠯᠭᠤᠬᠤ ᠬᠦᠷᠢᠶ᠎ᠠ ᠭᠡᠪᠴᠢᠶ᠎ᠠ ᠶᠢ ᠦᠷᠭᠡᠳᠭᠡᠵᠤ᠂ ᠳᠠᠩᠰᠠ ᠺᠠᠷᠲ ᠪᠠᠶᠢᠭᠤᠯᠤᠬᠰᠠᠨ ᠬᠦᠳᠡᠯᠮᠤᠷᠢᠯᠡᠬᠦ ᠴᠢᠳᠠᠪᠤᠷᠢ ᠲᠠᠢ ᠶᠠᠳᠠᠭᠤ ᠬᠦᠴᠢᠷᠳᠡᠯᠳᠡᠢ ᠡᠷᠤᠭᠡ ᠳᠤ ᠠᠵᠢᠯ ᠤᠯᠭᠤᠬᠤ ᠵᠠᠮ ᠤᠯᠭᠤᠨ ᠦᠭᠴᠤ ᠪᠠᠶᠢᠨ᠎ᠠ᠃     ᠶᠠᠳᠠᠭᠤ ᠠᠴᠠ ᠪᠠᠨ ᠠᠩᠬᠢᠵᠢᠷᠠᠬᠰᠠᠨ ᠴᠤ ᠬᠠᠷᠢᠯᠴᠠᠵᠤ ᠬᠤᠯᠪᠤᠭᠠᠯᠠᠬᠤ ᠪᠠᠨ ᠰᠠᠯᠭᠠᠬᠤ ᠦᠭᠡᠢ ᠪᠠᠶᠢᠵᠤ᠂ ᠳᠠᠩᠰᠠ ᠺᠠᠷᠲ ᠪᠠᠶᠢᠭᠤᠯᠤᠬᠰᠠᠨ ᠶᠠᠳᠠᠭᠤ ᠬᠦᠴᠢᠷᠳᠡᠯᠳᠡᠢ ᠡᠷᠤᠭᠡ ᠶᠢ ᠳᠤᠬᠳᠠᠭᠤᠨ ᠢᠶᠠᠷ ᠶᠠᠳᠠᠭᠤ ᠠᠴᠠ ᠠᠩᠬᠢᠵᠢᠷᠠᠭᠤᠯᠵᠤ ᠤᠷᠤᠯᠭ᠎ᠠ ᠶᠢ ᠨᠢ ᠨᠡᠮᠡᠭᠳᠡᠬᠦᠯᠬᠦ ᠪᠠᠷ᠂ ᠤᠳᠤᠬᠠᠨ ᠳᠤ ᠵᠡᠭᠡᠰᠤᠳᠡᠢ ᠪᠠᠯᠭᠠᠰᠤᠨ ᠤ ᠵᠠᠰᠠᠭ ᠤᠨ ᠤᠷᠳᠤᠨ ᠨᠢ ᠠᠵᠢᠯ ᠤᠯᠭᠤᠯᠳᠠ ᠶᠢᠨ ᠳᠤᠪᠴᠢᠶ᠎ᠠ ᠲᠠᠢ ᠬᠠᠷᠢᠯᠴᠠᠨ 59 ᠨᠡᠶᠢᠳᠡ ᠶᠢᠨ ᠠᠰᠠᠷᠠᠮᠵᠢ ᠶᠢᠨ ᠴᠢᠨᠠᠷᠳᠠᠢ ᠠᠵᠢᠯ ᠤᠨ ᠪᠠᠶᠢᠷᠢ ᠶᠢ ᠰᠢᠨ᠎ᠠ ᠪᠠᠷ ᠨᠡᠭᠡᠭᠡᠵᠤ᠂ ᠪᠠᠯᠭᠠᠰᠤᠨ ᠤ 59 ᠶᠠᠳᠠᠭᠤ ᠬᠦᠴᠢᠷᠳᠡᠯᠳᠡᠢ ᠬᠦᠮᠤᠨ ᠠᠮᠠ ᠶᠢ ᠳᠦᠪᠯᠡᠷᠡᠬᠦᠯᠤᠨ ᠠᠵᠢᠯ ᠤᠨ ᠪᠠᠶᠢᠷᠢᠨ ᠳᠤ ᠭᠠᠷᠭᠠᠵᠤ᠂ ᠬᠦᠮᠤᠨ ᠪᠦᠷᠢ ᠳᠤ ᠰᠠᠷ᠎ᠠ ᠪᠤᠯᠭᠠᠨ 880 ᠳᠦᠬᠦᠷᠢᠭ ᠤᠨ ᠴᠠᠯᠢᠩ ᠤᠯᠭᠤᠵᠠᠢ᠃ ᠡᠨᠡ ᠬᠦ ᠠᠷᠭ᠎ᠠ ᠪᠤᠳᠤᠯᠭ᠎ᠠ ᠨᠢ ᠵᠡᠭᠡᠰᠤᠳᠡᠢ ᠪᠠᠯᠭᠠᠰᠤᠨ ᠤ ᠳᠠᠩᠰᠠ ᠺᠠᠷᠲ ᠪᠠᠶᠢᠭᠤᠯᠤᠬᠰᠠᠨ ᠬᠦᠳᠡᠯᠮᠤᠷᠢᠯᠡᠬᠦ ᠴᠢᠳᠠᠪᠤᠷᠢ ᠲᠠᠢ ᠶᠠᠳᠠᠭᠤ ᠬᠦᠴᠢᠷᠳᠡᠯᠳᠡᠢ ᠡᠷᠤᠭᠡ ᠳᠤ ᠴᠦᠮ ᠠᠵᠢᠯ ᠤᠯᠭᠤᠬᠤ ᠶᠢ ᠪᠡᠶᠡᠯᠡᠬᠦᠯᠦᠭᠰᠡᠨ ᠪᠠᠶᠢᠨ᠎ᠠ᠃      ᠳᠦᠪᠯᠡᠷᠡᠬᠦᠯᠤᠨ ᠠᠵᠢᠯ ᠳᠤ ᠭᠠᠷᠤᠬᠰᠠᠨ 59 ᠬᠦᠮᠤᠨ ᠤ ᠳᠤᠳᠤᠷ᠎ᠠ 12 ᠡᠷᠤᠭᠡ ᠶᠢᠨ ᠡᠷ᠎ᠠ ᠡᠮ᠎ᠠ ᠬᠤᠶᠠᠭᠤᠯᠠ ᠬᠠᠮᠳᠤ ᠪᠠᠷ ᠠᠵᠢᠯ ᠤᠨ ᠪᠠᠶᠢᠷᠢᠨ ᠳᠤ ᠭᠠᠷᠴᠠᠢ᠃ ᠤᠳᠤᠬᠠᠨ ᠳᠤ᠂ ᠵᠡᠭᠡᠰᠤᠳᠡᠢ ᠪᠠᠯᠭᠠᠰᠤᠨ ᠤ ᠬᠦᠳᠡᠯᠮᠤᠷᠢᠯᠡᠬᠦ ᠴᠢᠳᠠᠪᠤᠷᠢ ᠲᠠᠢ 112 ᠶᠠᠳᠠᠭᠤ ᠬᠦᠴᠢᠷᠳᠡᠯᠳᠡᠢ ᠬᠦᠮᠤᠨ ᠠᠮᠠ ᠳᠤᠳᠤᠷ᠎ᠠ 5 ᠬᠦᠮᠤᠨ ᠨᠢ ᠦᠪᠡᠰᠤᠪᠠᠨ ᠤᠢᠢᠯᠡᠰ ᠪᠦᠳᠤᠭᠡᠵᠤ᠂ 28 ᠬᠦᠮᠤᠨ ᠨᠢ ᠵᠠᠰᠠᠭ ᠤᠨ ᠤᠷᠳᠤᠨ ᠤ ᠳᠠᠨᠢᠯᠴᠠᠭᠤᠯᠤᠬᠰᠠᠨ ᠠᠵᠢᠯ ᠤᠨ ᠪᠠᠶᠢᠷᠢᠨ ᠳᠤ ᠤᠴᠢᠵᠤ ᠠᠵᠢᠯᠯᠠᠨ᠂ 79 ᠬᠦᠮᠤᠨ ᠨᠢ ᠵᠠᠰᠠᠭ ᠤᠨ ᠤᠷᠳᠤᠨ ᠤ ᠨᠡᠶᠢᠳᠡ ᠶᠢᠨ ᠠᠰᠠᠷᠠᠮᠵᠢ ᠶᠢᠨ ᠴᠢᠨᠠᠷᠳᠠᠢ ᠠᠵᠢᠯ ᠤᠨ ᠪᠠᠶᠢᠷᠢᠨ ᠳᠤ ᠭᠠᠷᠤᠬᠰᠠᠨ ᠪᠠᠶᠢᠨ᠎ᠠ᠃ ᠠᠵᠢᠯ ᠤᠯᠭᠤᠵᠤ ᠤᠢᠢᠯᠡᠰ ᠪᠦᠳᠤᠭᠡᠯᠭᠡᠬᠦ ᠨᠢ ᠳᠤᠰ ᠭᠠᠵᠠᠷ ᠤᠨ ᠵᠠᠰᠠᠭ ᠤᠨ ᠤᠷᠳᠤᠨ ᠤ ᠶᠠᠳᠠᠭᠤ ᠬᠦᠴᠢᠷᠳᠡᠯᠳᠡᠢ ᠬᠦᠮᠤᠨ ᠠᠮᠠ ᠶᠢ ᠳᠤᠬᠳᠠᠭᠤᠨ ᠢᠶᠠᠷ ᠶᠠᠳᠠᠭᠤ ᠠᠴᠠ ᠠᠩᠬᠢᠵᠢᠷᠠᠭᠤᠯᠵᠤ ᠤᠷᠤᠯᠭ᠎ᠠ ᠪᠠᠨ ᠨᠡᠮᠡᠭᠳᠡᠬᠦᠯᠬᠦ ᠡᠷᠴᠢᠮᠳᠡᠢ ᠠᠷᠭ᠎ᠠ ᠪᠠᠷᠢᠯ ᠪᠤᠯᠵᠤ ᠪᠠᠶᠢᠨ᠎ᠠ᠃
ᠢᠷᠡᠯᠲᠡ᠄ ᠤᠷᠳᠤᠰ ᠮᠤᠩᠭᠤᠯ ᠰᠦᠯᠵᠢᠶ᠎ᠡ