ᠤᠷᠳᠤᠰ ᠮᠤᠩᠭᠤᠯ ᠤᠨ ᠰᠠᠪᠠ ᠳᠡᠭᠡᠵᠢ ᠪᠠ ᠰᠠᠪᠠ ᠳᠡᠭᠡᠵᠢ ᠲᠠᠯᠪᠢᠬᠤ ᠶᠤᠰᠤᠨ
ᠨᠡᠶᠢᠲᠡᠯᠡᠭᠰᠡᠨ ᠴᠠᠭ᠄
2020/9/15
   ᠨᠠᠢᠮᠠᠨ ᠰᠠᠷ᠎ᠠ ᠠᠴᠠ ᠬᠠᠷ᠎ᠠ ᠬᠢᠷᠠᠭᠤ ᠪᠤᠯᠳᠠᠯ᠎ᠠ᠂ ᠳᠦᠷᠦᠯ ᠰᠠᠳᠤᠨ ᠤ ᠳᠤ ᠪᠠᠨ ᠠᠶᠢᠯᠴᠢᠯᠠᠪᠠᠯ ᠰᠠᠭᠠᠯᠢ ᠶᠢᠨ ᠳᠡᠭᠡᠵᠢ ᠶᠢᠨ ᠰᠠᠪᠠ ᠲᠠᠢ ᠤᠴᠢᠨ᠎ᠠ᠃ ᠢᠩᠬᠢᠬᠦ ᠳᠤ ᠪᠠᠨ ᠰᠠᠭᠠᠯᠢ ᠪᠠᠷ ᠭᠤᠤᠯ ᠪᠤᠯᠭᠠᠨ᠎ᠠ᠃    ᠡᠨᠡ ᠨᠢ ᠭᠡᠷ ᠤᠨ ᠰᠠᠪᠠ ᠳᠡᠭᠡᠷ᠎ᠡ ᠪᠠᠨ ᠪᠠᠶᠢᠬᠤ ᠶᠢᠨ ᠴᠢᠨᠡᠭᠡ ᠪᠠᠷ ᠦᠷᠦᠮ᠎ᠡ᠂ ᠬᠤᠷᠤᠳ᠂ ᠱᠦᠭᠦᠮᠠᠯ᠂ ᠰᠢᠷ᠎ᠠ ᠳᠤᠰᠤ ᠵᠡᠷᠭᠡ ᠢᠳᠡᠭᠡᠨ ᠤ ᠳᠡᠭᠡᠵᠢ ᠪᠠᠨ ᠬᠦᠷᠭᠡᠵᠦ ᠶᠠᠪᠤᠯᠴᠠᠳᠠᠭ᠃    ᠦᠩᠭᠡᠷᠡᠭᠰᠡᠨ ᠳᠤ᠂ ᠵᠠᠮ ᠬᠠᠷᠢᠯᠴᠠᠭ᠎ᠠ ᠳᠦᠭᠦᠮ ᠦᠭᠡᠢ᠂ ᠳᠡᠷᠭᠡ ᠤᠨᠤᠭ᠎ᠠ ᠬᠤᠪᠤᠷ ᠪᠠᠶᠢᠭᠰᠠᠨ ᠴᠠᠭ ᠲᠤ᠂ ᠦᠢᠷ᠎ᠠ ᠳᠦᠷᠦᠯ ᠰᠠᠳᠤᠨ ᠬᠤᠭᠤᠷᠤᠨᠳᠤ ᠪᠠᠨ ᠴᠠᠭᠠᠨ ᠰᠠᠷ᠎ᠠ ᠳᠤ ᠪᠠᠨ ᠰᠢᠨ᠎ᠡ ᠲᠠᠢ᠂ ᠨᠠᠢᠮᠠᠨ ᠰᠠᠷ᠎ᠠ ᠳᠤ ᠰᠠᠭᠠᠯᠢ ᠶᠢᠨ ᠳᠡᠭᠡᠵᠢ ᠲᠠᠢ ᠶᠠᠪᠤᠯᠴᠠᠳᠠᠭ ᠵᠠᠩᠰᠢᠯ ᠲᠠᠢ ᠪᠠᠶᠢᠵᠠᠢ᠃ ᠦᠷᠦᠮ᠎ᠡ ᠶᠢᠨ ᠠᠮᠠ ᠶᠢ ᠭᠡᠷ ᠤᠨ ᠡᠵᠡᠨ ᠤ ᠵᠦᠭ ᠬᠠᠨᠳᠤᠭᠤᠯᠵᠦ ᠲᠠᠯᠪᠢᠨ᠎ᠠ᠃  
ᠢᠷᠡᠯᠲᠡ᠄ 《ᠤᠷᠳᠤᠰ ᠮᠤᠩᠭᠤᠯᠴᠤᠳ ᠤᠨ ᠵᠠᠩ ᠦᠢᠯᠡ ᠪᠠ ᠰᠤᠶᠤᠯ ᠲᠡᠦᠬᠡ》ᠭᠡᠬᠦ ᠨᠤᠮ ᠠᠴᠠ ᠪᠠᠭᠤᠯᠭᠠᠪᠠ᠃