ᠤᠷᠳᠤᠰ ᠮᠤᠩᠭᠤᠯ ᠤᠨ ᠰᠠᠪᠠ ᠳᠡᠭᠡᠵᠢ ᠪᠠ ᠰᠠᠪᠠ ᠳᠡᠭᠡᠵᠢ ᠲᠠᠯᠪᠢᠬᠤ ᠶᠤᠰᠤᠨ
ᠨᠡᠶᠢᠲᠡᠯᠡᠭᠰᠡᠨ ᠴᠠᠭ᠄
2020/9/15
    ᠤᠪᠤᠭ᠎ᠠ ᠤᠩᠭᠤᠨ ᠡᠷᠬᠢᠯᠡᠵᠦ ᠳᠠᠬᠢᠵᠦ ᠪᠠᠶᠢᠭ᠎ᠠ ᠡᠷᠦᠬᠡ ᠨᠦᠭᠦᠳ ᠤᠪᠤᠭᠠᠨ ᠤ ᠪᠠᠨ ᠳᠠᠬᠢᠯᠭ᠎ᠠ᠂ ᠨᠠᠶᠢᠷ ᠤᠨ ᠡᠳᠦᠷ ᠰᠢᠭᠦᠰᠦ ᠪᠤᠶᠤ ᠴᠠᠢ ᠶᠢᠨ ᠰᠠᠪᠠ ᠲᠠᠢ ᠤᠴᠢᠬᠤ ᠪᠦᠭᠡᠳ ᠪᠠᠰᠠ ᠰᠦ ᠰᠠᠭᠠᠯᠢ᠂ ᠢᠳᠡᠭᠡᠨ ᠤᠮᠳᠠᠭᠠᠨ᠂ ᠵᠤᠭᠤᠰ ᠮᠦᠩᠭᠦ ᠨᠡᠮᠡᠷᠢᠯᠡᠵᠦ ᠲᠠᠯᠪᠢᠨ᠎ᠠ᠃ ᠤᠪᠤᠭ᠎ᠠ ᠤᠩᠭᠤᠨ ᠡᠷᠬᠢᠯᠡᠵᠦ ᠪᠠᠶᠢᠭ᠎ᠠ ᠡᠷᠦᠬᠡ ᠶᠢᠨ ᠡᠵᠡᠳ ᠬᠠᠷᠢᠯᠴᠠᠨ ᠰᠠᠪᠠ ᠲᠠᠯᠪᠢᠳᠠᠭ᠃ ᠴᠠᠭᠠᠨ ᠢᠶᠠᠷ ᠳᠠᠬᠢᠳᠠᠭ ᠤᠪᠤᠭᠠᠨ ᠨᠠᠶᠢᠷ ᠲᠤ ᠰᠢᠭᠦᠰᠦ ᠶᠠᠪᠤᠬᠤ ᠦᠭᠡᠢ᠃     ᠪᠤᠰᠤᠳ ᠤᠶᠢᠷ᠎ᠠ ᠤᠷᠴᠢᠮ ᠤᠨ ᠤᠪᠤᠭᠠᠨ ᠤ ᠳᠠᠬᠢᠯᠭ᠎ᠠ ᠨᠠᠶᠢᠷ ᠲᠤ ᠤᠴᠢᠭᠰᠠᠨ ᠬᠦᠮᠦᠰ᠂ ᠰᠦ ᠰᠠᠭᠠᠯᠢ᠂ ᠢᠳᠡᠭᠡᠨ ᠤᠮᠳᠠᠭᠠᠨ᠂ ᠵᠤᠭᠤᠰ ᠮᠦᠩᠭᠦᠨ ᠤ ᠡᠷᠭᠦᠯᠳᠡ ᠪᠠᠷᠢᠵᠦ᠂ ᠳᠠᠮᠵᠢᠯᠭᠡ ᠦᠵᠡᠭᠦᠯᠬᠦ ᠴᠤ ᠪᠤᠢ᠃
ᠢᠷᠡᠯᠲᠡ᠄ 《ᠤᠷᠳᠤᠰ ᠮᠤᠩᠭᠤᠯᠴᠤᠳ ᠤᠨ ᠵᠠᠩ ᠦᠢᠯᠡ ᠪᠠ ᠰᠤᠶᠤᠯ ᠲᠡᠦᠬᠡ》ᠭᠡᠬᠦ ᠨᠤᠮ ᠠᠴᠠ ᠪᠠᠭᠤᠯᠭᠠᠪᠠ᠃