ᠤᠷᠳᠤᠰ ᠮᠤᠩᠭᠤᠯ ᠤᠨ ᠰᠠᠪᠠ ᠳᠡᠭᠡᠵᠢ ᠪᠠ ᠰᠠᠪᠠ ᠳᠡᠭᠡᠵᠢ ᠲᠠᠯᠪᠢᠬᠤ ᠶᠤᠰᠤᠨ
ᠨᠡᠶᠢᠲᠡᠯᠡᠭᠰᠡᠨ ᠴᠠᠭ᠄
2020/9/15
   1.ᠨᠠᠰᠤᠳᠠᠶᠢᠴᠤᠳ ᠤᠨ ᠢᠶᠠᠨ 61 ᠪᠤᠶᠤ 81 ᠨᠠᠰᠤᠨ ᠤ ᠨᠠᠶᠢᠷ ᠲᠤ ᠰᠢᠭᠦᠰᠦ ᠪᠤᠶᠤ ᠴᠠᠢ ᠶᠢᠨ ᠰᠠᠪᠠ ᠲᠠᠢ ᠤᠴᠢᠨ᠎ᠠ᠃ ᠳᠡᠭᠡᠷ᠎ᠡ ᠨᠢ ᠵᠤᠭᠤᠰ ᠮᠦᠩᠭᠦ ᠲᠠᠯᠪᠢᠵᠦ᠂ ᠮᠠᠯ ᠢᠳᠡᠭᠡᠨ ᠤ ᠳᠡᠮᠵᠢᠯᠭᠡ ᠴᠤ ᠬᠦᠷᠭᠡᠳᠡᠭ᠃     ᠳᠦᠷᠦᠯ ᠰᠠᠳᠤᠨ᠂ ᠬᠡᠦᠬᠡᠳ ᠨᠢ ᠨᠠᠶᠢᠷ ᠬᠢᠯᠭᠡᠵᠦ ᠪᠠᠶᠢᠭ᠎ᠠ ᠨᠠᠰᠤᠳᠠᠨ ᠳᠤ ᠪᠠᠨ ᠬᠡᠶᠢᠮᠤᠷᠢ ᠬᠦᠷᠭᠡᠵᠦ᠂ ᠬᠦᠬᠡ ᠬᠦᠷᠡᠩ ᠦᠩᠭᠡ ᠶᠢᠨ ᠡᠮᠦᠰᠬᠡᠯ᠂ ᠵᠠᠭᠠᠮᠠᠳᠤ ᠬᠤᠪᠴᠠᠰᠤ ᠶᠢᠨ ᠬᠤᠪᠢ ᠬᠦᠷᠭᠡᠨ᠎ᠡ᠃     2. ᠬᠡᠦᠬᠡᠳ ᠤᠨ ᠤᠢ ᠶᠢᠨ ᠨᠠᠶᠢᠷ ᠲᠤ ︵1ᠨᠠᠰᠤᠨ ᠤ︶  ᠤᠴᠢᠬᠤ ᠳᠤ ᠪᠠᠨ ᠰᠢᠭᠦᠰᠦ ᠪᠤᠶᠤ ᠴᠠᠢ ᠶᠢᠨ ᠰᠠᠪᠠ ᠪᠠᠭᠽᠠ︵ᠰᠢᠪᠠᠨᠽᠠ︶ ᠲᠠᠢ ᠤᠴᠢᠨ᠎ᠠ᠃     ᠰᠢᠪᠠᠨᠽᠠ ᠭᠡᠳᠡᠭ ᠨᠢ ᠦᠩᠭᠡᠷᠡᠭᠰᠡᠨ ᠳᠤ ᠣᠯᠠᠨ ᠵᠦᠢᠯ ᠤᠨ ᠵᠦᠭᠡᠯᠡᠨ ᠪᠤᠭᠤᠷᠰᠤᠭ ᠪᠤᠶᠤ ᠰᠢᠬᠢᠷ ᠪᠤᠷᠠᠮ ᠬᠢᠭᠰᠡᠨ ᠳᠦᠭᠦᠮ ᠬᠡᠯᠪᠡᠷᠢ ᠶᠢᠨ ᠤᠷᠳᠤ ᠳᠦᠷᠪᠡᠯᠵᠢᠨ ᠬᠠᠶᠢᠷᠴᠠᠭ ᠲᠠᠢ ᠢᠳᠡᠭᠡᠨ ᠪᠠᠶᠢᠳᠠᠭ᠃     ᠪᠠᠭᠽᠠ ᠶᠢ ᠪᠠᠰᠠ ᠰᠢᠪᠠᠨᠽᠠ ᠭᠡᠳᠡᠭ ᠪᠤᠯᠤᠯᠳᠠᠢ᠃ ᠪᠠᠭᠽᠠ ᠭᠡᠳᠡᠭ ᠨᠢ ᠦᠨᠡᠨ ᠳᠤ ᠪᠠᠨ ᠴᠠᠭᠠᠨ ᠪᠤᠶᠤ ᠤᠯᠠᠭᠠᠨ ᠴᠠᠭᠠᠰᠤᠨ ᠳᠤ ᠴᠤᠭᠯᠠᠭᠰᠠᠨ ᠨᠠᠷᠢᠨ ᠪᠤᠭᠤᠷᠰᠤᠭ ᠰᠢᠬᠢᠷ ᠪᠤᠷᠠᠮ ᠪᠤᠯᠤᠨ᠎ᠠ᠃ ᠴᠠᠭᠠᠨ ᠴᠠᠭᠠᠰᠤᠨ ᠳᠤ ᠴᠤᠭᠯᠠᠭᠰᠠᠨ ᠪᠤᠯ ᠳᠡᠭᠡᠷ᠎ᠡ ᠨᠢ ᠵᠠᠪᠠᠯ ᠪᠠᠭ᠎ᠠ ᠴᠤ ᠭᠡᠰᠡᠨ ᠤᠯᠠᠭᠠᠨ ᠴᠠᠭᠠᠰᠤ ᠨᠠᠭᠠᠬᠤ ᠶᠤᠰᠤᠳᠠᠢ᠃
ᠢᠷᠡᠯᠲᠡ᠄ 《ᠤᠷᠳᠤᠰ ᠮᠤᠩᠭᠤᠯᠴᠤᠳ ᠤᠨ ᠵᠠᠩ ᠦᠢᠯᠡ ᠪᠠ ᠰᠤᠶᠤᠯ ᠲᠡᠦᠬᠡ》ᠭᠡᠬᠦ ᠨᠤᠮ ᠠᠴᠠ ᠪᠠᠭᠤᠯᠭᠠᠪᠠ᠃