1.ᠠᠮᠠᠨ ᠰᠦᠢ ᠶᠢᠨ ᠰᠠᠪᠠ | ① ᠭᠡᠷ ᠤᠨ ᠰᠠᠪᠠ | ② ᠠᠮᠠᠨ ᠰᠦᠢ ᠶᠢᠨ ᠰᠠᠪᠠ ︵ᠴᠠᠢ ᠶᠢᠨ ᠰᠠᠪᠠ︶ | ᠠᠮᠠᠨ ᠰᠦᠢ ᠶᠢᠨ ᠰᠠᠪᠠ ᠳᠡᠭᠡᠷ᠎ᠡ᠂ ᠬᠤᠶᠠᠷ ᠡᠳᠡᠭᠡᠳ ᠢᠶᠠᠷ ᠢᠶᠠᠨ ᠬᠠᠷᠢᠯᠴᠠᠨ ᠪᠡᠯᠡᠭ ᠰᠤᠯᠢᠯᠴᠠᠳᠠᠭ᠃ ︵ᠬᠠᠳᠠᠭ | ᠂ ᠠᠯᠴᠢᠭᠤᠷ︶ ᠬᠦᠦ ᠲᠠᠯ᠎ᠠ ᠠᠴᠠ ᠬᠡᠦᠬᠡᠨ ᠤ ᠲᠠᠯ᠎ᠠ ᠳᠤ ᠤᠴᠢᠵᠦ ᠲᠠᠯᠪᠢᠳᠠᠭ᠃ ᠦᠩᠭᠡᠷᠡᠭᠰᠡᠨ ᠳᠤ ᠬᠤᠶᠠᠷ | ᠡᠳᠡᠭᠡᠳ ᠤᠨ ᠭᠡᠷ ᠤᠨ ᠠᠬᠠᠮᠠᠳ ᠨᠢ ᠳᠤᠷ᠎ᠠ ᠲᠠᠢ ᠪᠤᠯ ᠬᠡᠦᠬᠡᠳ ᠤᠨ ᠰᠠᠶᠢᠨ ᠳᠤᠷ᠎ᠠ ᠶᠢ ᠦᠵᠡᠵᠦ ᠪᠠᠶᠢᠭᠠᠳ | ᠭᠦᠢᠴᠡᠳᠬᠡᠨ᠎ᠡ᠃ ᠤᠳᠤ ᠴᠠᠭ ᠲᠤ ᠬᠤᠶᠠᠷ ᠬᠡᠦᠬᠡᠳ ᠤᠨ ᠰᠠᠶᠢᠨ ᠳᠣᠷ᠎ᠠ ᠶᠢ ᠦᠵᠡᠵᠦ ᠪᠠᠶᠢᠭᠠᠳ ᠬᠦᠢᠴᠡᠳᠬᠡᠨ᠎ᠡ᠃ | | ᠠᠮᠠᠨ ᠰᠦᠢ ᠶᠢᠨ ᠰᠠᠪᠠ ᠳᠡᠭᠡᠷ᠎ᠡ ᠳᠤᠭᠳᠠᠪᠤᠷᠢ ᠶᠢᠨ ᠴᠠᠭ ᠢ ᠪᠠᠷᠤᠭᠯᠠᠵᠦ᠂ ᠪᠡᠯᠡᠳᠬᠡᠯ ᠤᠨ ᠳᠤᠬᠠᠢ ᠶᠠᠷᠢᠯᠴᠠᠨ᠎ᠠ | ᠃ ᠠᠮᠠᠨ ᠰᠦᠢ ᠲᠠᠯᠪᠢᠬᠤ ᠡᠳᠦᠷ ᠢ ᠬᠡᠦᠬᠡᠨ ᠲᠠᠯ᠎ᠠ ᠠᠴᠠ ᠳᠤᠭᠳᠠᠭᠠᠨ᠎ᠠ᠃ | 2.ᠳᠤᠭᠳᠠᠪᠤᠷᠢ ᠶᠢᠨ ᠰᠠᠪᠠ ︵ᠬᠦᠦ ᠶᠢᠨ ᠲᠠᠯ᠎ᠠ ᠠᠴᠠ ᠬᠡᠦᠬᠡᠨ ᠲᠠᠯ᠎ᠠ ᠳᠤ ᠲᠠᠯᠪᠢᠬᠤ ᠰᠠᠪᠠ︶ | ᠭᠡᠷ ᠤᠨ ᠰᠠᠪᠠ᠂ ᠳᠤᠭᠳᠠᠪᠤᠷᠢ ᠶᠢᠨ ᠰᠠᠪᠠ ᠰᠢᠭᠦᠰᠦ᠂ ᠳᠠᠭᠠᠪᠤᠷᠢ ᠰᠠᠪᠠ ᠴᠠᠢ ᠲᠠᠢ ᠤᠴᠢᠨ᠎ᠠ᠃ ᠴᠢᠩᠭᠢᠪᠡᠯ | ᠨᠠᠰᠤᠳᠠᠶᠢᠴᠤᠳ ᠪᠠ ᠭᠡᠷ ᠤᠨ ᠬᠡᠦᠬᠡᠳ ᠤᠨ ᠬᠤᠪᠢ ᠲᠠᠢ᠂ ᠪᠠᠰᠠ ᠰᠢᠨ᠎ᠡ ᠪᠡᠷᠢ ᠳᠤ ᠪᠠᠨ ᠬᠤᠪᠢ ᠦᠭᠴᠦ᠂ | ᠡᠮᠦᠰᠬᠦ ᠬᠤᠪᠴᠠᠰᠤ᠂ ᠰᠤᠯᠠ ᠵᠠᠷᠤᠬᠤ ᠵᠤᠭᠤᠰ ᠦᠭᠭᠦᠨ᠎ᠡ᠃ | ᠳᠤᠭᠳᠠᠪᠤᠷᠢ ᠳᠡᠭᠡᠷ᠎ᠡ— ᠦᠭᠭᠦᠯᠭᠡ᠂ ᠠᠪᠤᠯᠭ᠎ᠠ᠂ ᠬᠤᠷᠢᠮ ᠤᠨ ᠪᠡᠯᠡᠳᠬᠡᠯ᠂ ᠴᠠᠭ᠂ ᠰᠠᠭᠠᠳᠠᠭ ᠲᠤ ᠤᠴᠢᠬᠤ | ᠬᠦᠮᠦᠨ ᠪᠠ ᠬᠡᠦᠬᠡᠨ ᠬᠦᠷᠭᠡᠬᠦ ᠬᠦᠮᠦᠨ ᠤ ᠲᠤᠭ᠎ᠠ᠂ ᠡᠮᠦᠰᠬᠡᠯ ᠵᠡᠭᠦᠰᠬᠡᠯ ᠬᠦᠷᠳᠡᠯ᠎ᠡ ᠨᠠᠷᠢᠨ ᠶᠠᠷᠢᠯᠴᠠᠵᠦ ᠳᠤᠭᠳᠠᠳᠠᠭ | ᠃ | ᠬᠠᠭᠤᠴᠢᠨ ᠳᠤ᠂ ᠬᠡᠦᠬᠡᠨ ᠬᠦᠷᠭᠡᠬᠦ ᠬᠦᠮᠦᠨ ᠤ ᠲᠤᠭ᠎ᠠ ᠶᠢ ᠶᠠᠷᠢᠯᠴᠠᠬᠤ ᠴᠢᠬᠤᠯᠠ ᠦᠭᠡᠢ᠃ ᠲᠡᠷᠡ ᠦᠶ᠎ᠡ ᠳᠤ | ᠰᠠᠭᠠᠳᠠᠭ ᠤᠨ ᠬᠦᠮᠦᠨ ᠢᠶᠠᠨ ᠳᠤᠭᠳᠠᠴᠢᠬᠠᠪᠠᠯ ᠬᠡᠦᠬᠡᠨ ᠬᠦᠷᠭᠡᠬᠦ ᠬᠦᠮᠦᠨ ᠤ ᠲᠤᠭ᠎ᠠ ᠨᠢ ᠰᠠᠭᠠᠳᠠᠭ ᠤᠨ ᠬᠦᠮᠦᠨ ᠤ | ᠳᠦᠷᠪᠡ ᠳᠠᠬᠢᠨ ᠠᠴᠠ ᠢᠯᠡᠭᠦᠦ ᠪᠠᠶᠢᠵᠦ ᠪᠤᠯᠬᠤ ᠦᠭᠡᠢ᠂ ᠭᠤᠷᠪᠠ ᠨᠤᠭᠤᠯᠬᠤ ᠭᠡᠳᠡᠭ ᠵᠠᠩᠰᠢᠯ ᠲᠠᠢ ᠪᠠᠶᠢᠵᠠᠢ᠃ | 3.ᠵᠤᠴᠢᠨ ᠵᠠᠯᠠᠬᠤ ᠰᠠᠪᠠ | ① ᠬᠤᠷᠢᠮ ᠤᠨ ᠳᠦᠪ ︵ᠲᠦᠪᠯᠡᠭᠴᠢ︶ ᠢ ᠳᠤᠰ ᠳᠤᠰ ᠲᠤ ᠪᠠᠨ ᠴᠠᠢ ᠶᠢᠨ ᠰᠠᠪᠠ ᠪᠠᠷ ᠵᠠᠯᠠᠨ᠎ᠠ᠃ | ② ᠬᠤᠨᠵᠢᠨ ᠬᠦᠷᠭᠡᠨ ︵ᠳᠠᠰᠢ ᠬᠦᠷᠭᠡᠨ᠂ ᠳᠠᠭᠠᠪᠤᠷᠢ ᠬᠦᠷᠭᠡᠨ︶᠂ ᠪᠡᠷᠭᠡᠨ ︵ᠪᠡᠷᠭᠡᠯᠡᠬᠦ ᠪᠦᠰᠡᠭᠦᠢ︶ ᠢ | ᠴᠠᠢ ᠶᠢᠨ ᠰᠠᠪᠠ ᠪᠠᠷ ᠵᠠᠯᠠᠨ᠎ᠠ᠃ | ᠬᠦᠷᠭᠡᠨ ᠲᠠᠯ᠎ᠠ ᠨᠢ ᠬᠤᠨᠵᠢᠨ ᠬᠦᠷᠭᠡᠨ ᠢᠶᠠᠨ ᠵᠠᠯᠠᠵᠦ᠂ ᠬᠡᠦᠬᠡᠨ ᠲᠠᠯ᠎ᠠ ᠨᠢ ᠪᠡᠷᠭᠡᠯᠡᠬᠦ ᠬᠦᠮᠦᠨ ᠢᠶᠠᠨ ᠵᠠᠯᠠᠨ᠎ᠠ᠃ | | ᠦᠩᠭᠡᠷᠡᠭᠰᠡᠨ ᠳᠤ ᠬᠤᠨᠵᠢᠨ ᠪᠤᠯᠤᠨ ᠳᠡᠰᠢ ᠬᠦᠷᠭᠡᠨ ᠭᠡᠵᠦ ᠬᠤᠶᠠᠷ ᠬᠦᠮᠦᠨ ᠪᠠᠶᠢᠭᠰᠠᠨ᠂ ᠤᠳᠤ ᠬᠤᠨᠵᠢᠨ | ᠭᠡᠰᠡᠨ ᠬᠦᠮᠦᠨ ᠢ ᠬᠤᠷᠢᠮ ᠤᠨ ᠭᠠᠵᠠᠷ ᠴᠢᠬᠤᠯᠠᠴᠢᠯᠠᠬᠤ ᠦᠭᠡᠢ ᠪᠤᠯᠵᠠᠢ᠃ ᠪᠤᠰᠤᠳ ᠵᠤᠴᠢᠳ ᠢ ᠬᠠᠳᠠᠭ ᠰᠠᠮᠪᠠᠢ | ᠬᠦᠬᠦᠦᠷ ᠢᠶᠠᠷ ᠵᠠᠯᠠᠳᠠᠭ᠃ | 4.ᠲᠦᠪᠯᠡᠭᠴᠢ ᠶᠢᠨ ᠰᠠᠪᠠ ︵ᠬᠤᠷᠢᠮ ᠤᠨ ᠳᠦᠪ ᠤᠨ ᠢᠶᠠᠨ ᠡᠮᠦᠨ᠎ᠡ ᠲᠠᠯᠪᠢᠳᠠᠭ ᠰᠠᠪᠠ︶ | ᠵᠢᠷᠭᠤᠭᠠᠨ ᠪᠤᠭᠤᠷᠰᠤᠭ ᠵᠢᠩᠰᠡ ᠲᠠᠢ᠂ ᠪᠠᠰᠠ ᠤᠯᠠᠭᠠᠨ ᠪᠦᠰ ᠢᠶᠠᠷ ᠠᠮᠠ ᠶᠢ ᠨᠢ ᠤᠷᠢᠶᠠᠭᠰᠠᠨ ᠨᠢᠭᠡ | ᠯᠤᠩᠬᠤ ᠰᠦᠩ ᠤᠨ ᠠᠷᠢᠬᠢ ᠪᠤᠢ᠃ | ᠵᠢᠷᠭᠤᠭᠠᠨ ᠪᠤᠭᠤᠷᠰᠤᠭ ᠵᠢᠩᠰᠡ ᠲᠠᠢ᠂ ᠬᠤᠷᠢᠮ ᠤᠨ ᠭᠠᠵᠠᠷ ᠤᠨ ᠬᠤᠶᠠᠷ ᠲᠠᠯ᠎ᠠ ᠳᠤ ᠴᠦᠮ ᠠᠳᠠᠯᠢ᠂ | ᠪᠤᠰᠤᠳ ᠨᠠᠶᠢᠷ ᠲᠤ ᠴᠤ ᠬᠡᠰᠡᠨ ᠳᠡᠭᠡᠷ᠎ᠡ ᠨᠢ ᠰᠠᠭᠤᠭᠰᠠᠨ ᠬᠦᠮᠦᠨ ᠤ ᠡᠮᠦᠨ᠎ᠡ ᠵᠠᠪᠠᠯ ᠡᠶᠢᠮᠦ ᠰᠠᠪᠠ ᠪᠠᠶᠢᠬᠤ | ᠶᠤᠰᠤᠳᠠᠢ᠃ | 5. ᠰᠦᠩ ᠤᠨ ᠰᠠᠪᠠ | ᠵᠢᠷᠭᠤᠭᠠᠨ ᠪᠤᠭᠤᠷᠰᠤᠭ ᠬᠤᠨᠢᠨ ᠲᠤᠯᠤᠭᠠᠢ ᠵᠢᠩᠰᠡ ᠲᠠᠢ᠂ ᠪᠠᠰᠠ ᠤᠯᠠᠭᠠᠨ ᠪᠦᠰ ᠢᠶᠠᠷ ᠠᠮᠠ ᠶᠢ ᠨᠢ | ᠤᠷᠢᠶᠠᠭᠰᠠᠨ ᠨᠢᠭᠡ ᠯᠤᠩᠬᠤ ᠰᠦᠩ ᠤᠨ ᠠᠷᠢᠬᠢ ᠪᠤᠢ᠃ | ᠦᠩᠭᠡᠷᠡᠭᠰᠡᠨ ᠳᠤ ᠬᠤᠷᠢᠮ ᠤᠨ ᠭᠠᠵᠠᠷ᠂ ᠰᠦᠩ ᠤᠨ ᠨᠤᠶᠠᠨ ᠭᠡᠵᠦ ᠬᠡᠳᠦᠨ ᠨᠠᠰᠤ ᠲᠠᠢ ᠬᠦᠦ᠂ ᠳᠦᠪ ᠤᠨ | ᠡᠰᠡᠷᠬᠦ᠂ ᠲᠤᠯᠭ᠎ᠠ ᠶᠢᠨ ᠡᠮᠦᠨ᠎ᠡ ᠰᠠᠭᠤᠳᠠᠭ᠂ ᠲᠡᠭᠦᠨ ᠤ ᠡᠮᠦᠨ᠎ᠡ ᠰᠠᠪᠠ ᠲᠠᠯᠪᠢᠨ᠎ᠠ᠃ ᠬᠡᠦᠬᠡᠳ ᠠᠮᠠᠷᠠᠬᠤ | ᠴᠢᠬᠤᠯᠠᠳᠠᠢ ᠪᠤᠯ ᠰᠠᠪᠠ ᠶᠢ ᠨᠢ ᠳᠦᠪ ᠵᠦᠭ ᠡᠷᠭᠢᠭᠦᠯᠵᠦ ᠲᠠᠯᠪᠢᠨ᠎ᠠ᠂ ᠪᠤᠴᠠᠭᠠᠳ ᠢᠷᠡᠪᠡᠯ᠂ ᠲᠡᠭᠦᠨ ᠤ ᠵᠦᠭ ᠲᠤ | ᠡᠷᠭᠢᠭᠦᠯᠦᠨ᠎ᠡ᠃ | 6.ᠬᠦᠷᠭᠡᠨ ᠳᠤᠰᠢᠶᠠᠬᠤ ᠰᠠᠪᠠ ︵ᠴᠠᠢ ᠶᠢᠨ ᠰᠠᠪᠠ︶ | ᠰᠠᠭᠠᠳᠠᠭ ᠮᠤᠷᠳᠠᠬᠤ ᠠᠴᠠ ᠡᠮᠦᠨ᠎ᠡ ᠠᠪᠤ ᠡᠵᠢ ᠨᠢ ᠳᠠᠰᠢ ᠬᠦᠷᠭᠡᠨ ᠳᠤ ᠰᠠᠪᠠ ᠪᠠᠨ ᠲᠠᠯᠪᠢᠵᠦ ᠬᠦᠦ ᠪᠠᠨ | ᠳᠤᠰᠢᠶᠠᠳᠠᠭ᠃ | 7.ᠰᠠᠭᠠᠳᠠᠭ ᠤᠨ ᠰᠠᠪᠠ ︵ᠬᠦᠦ ᠲᠠᠯ᠎ᠠ ᠠᠴᠠ ᠬᠡᠦᠬᠡᠨ ᠲᠠᠯ᠎ᠠ ᠳᠤ ᠤᠴᠢᠬᠤ ᠰᠠᠪᠠ︶ | ᠭᠡᠷ ᠤᠨ ᠰᠠᠪᠠ᠂ ᠬᠤᠷᠢᠮ ᠤᠨ ᠰᠠᠪᠠ ︵ᠰᠠᠭᠠᠳᠠᠭ ᠤᠨ ᠰᠠᠪᠠ︶᠂ ᠰᠢᠭᠦᠰᠦ᠂ ᠳᠠᠭᠠᠪᠤᠷᠢ ᠰᠠᠪᠠ ᠨᠢ ᠴᠠᠢ ᠶᠢᠨ | ᠰᠠᠪᠠ᠃ ᠰᠠᠪᠠ ᠪᠦᠷᠢ ᠶᠢ ᠳᠠᠭᠠᠵᠦ᠂ 2 ᠯᠤᠩᠬᠤ ᠠᠷᠢᠬᠢ᠂ ᠬᠡᠳᠦᠨ ᠬᠠᠶᠢᠷᠴᠠᠭ ᠪᠤᠶᠤ ᠪᠦᠬᠦᠯᠢ ᠲᠢᠶᠤᠤᠽᠢ | ᠲᠠᠮᠠᠬᠢ ᠭᠡᠷ ᠤᠨ ᠪᠡᠯᠡᠭ ᠲᠠᠢ᠃ | ᠰᠠᠪᠠ ᠲᠠᠯᠪᠢᠭᠴᠢ ᠠᠴᠠ ᠰᠠᠪᠠ ᠳᠤᠰᠤᠭᠴᠢᠳ ᠲᠤ ᠬᠡᠳᠤᠨ ᠰᠠᠪᠠ ᠲᠠᠯᠪᠢᠭᠰᠠᠨ ᠪᠤᠯ ᠬᠡᠳᠦᠨ ᠤᠳᠠᠭ᠎ᠠ | ᠴᠠᠭᠠᠨ ᠢᠳᠡᠭᠡ ᠠᠮᠰᠠᠭᠤᠯᠵᠦ ᠶᠠᠮᠠᠷ ᠰᠠᠪᠠ ᠭᠡᠳᠡᠭ ᠢᠶᠠᠨ ᠬᠡᠯᠡᠨ᠎ᠡ᠂ ᠰᠠᠪᠠ ᠪᠦᠷᠢ ᠳᠤ 3 ᠬᠤᠨᠳᠠᠭ᠎ᠠ ᠠᠷᠢᠬᠢ | ᠪᠠᠶᠢᠨ᠎ᠠ᠃ ᠳᠠᠷᠠᠭ᠎ᠠ ᠨᠢ ᠰᠠᠪᠠ ᠶᠢᠨ ᠪᠡᠯᠡᠭ ᠢᠶᠠᠨ ᠡᠷᠭᠦᠨ᠎ᠡ᠃ | ᠰᠠᠪᠠ ᠲᠠᠯᠪᠢᠭᠰᠠᠨ ᠤ ᠪᠠᠨ ᠳᠠᠷᠠᠭ᠎ᠠ᠂ ᠨᠠᠭᠠᠴᠤ ᠠᠪᠠᠭ᠎ᠠ ᠶᠢᠨ ᠨᠠᠰᠤᠳᠠᠶᠢᠴᠤᠳ ᠲᠤ ᠬᠤᠪᠢ ᠦᠭᠴᠦ | ᠡᠮᠦᠰᠬᠡᠯ ᠵᠡᠭᠦᠨ᠎ᠡ᠂ ᠪᠠᠰᠠ ᠭᠡᠷ ᠤᠨ ᠬᠡᠦᠬᠡᠳ ᠲᠤ ᠬᠤᠪᠢ ᠲᠠᠢ᠃ | 8.ᠪᠡᠷᠭᠡᠳ ᠤᠨ ᠰᠠᠪᠠ | ᠴᠠᠢ ᠶᠢᠨ ᠰᠠᠪᠠ᠂ ᠦᠩᠭᠡᠷᠡᠭᠰᠡᠨ ᠳᠤ ᠪᠡᠷᠭᠡᠳ ᠤᠨ ᠬᠤᠪᠢ ᠭᠡᠵᠦ ᠲᠤᠯᠤᠮ ᠲᠠᠢ ᠬᠤᠯᠢᠮᠠᠭ ᠠᠮᠤ ᠪᠤᠷᠠᠮ | ᠰᠢᠬᠢᠷ ᠪᠤᠭᠤᠷᠰᠤᠭ ᠪᠠᠶᠢᠭᠰᠠᠨ᠃ | ᠨᠠᠰᠤᠳᠠᠶᠢᠴᠤᠳ ᠪᠤᠯᠤᠨ ᠭᠡᠷ ᠤᠨ ᠬᠡᠦᠬᠡᠳ ᠲᠤ ᠬᠤᠪᠢ ᠦᠭᠭᠦᠭᠰᠡᠨ ᠤ ᠳᠠᠷᠠᠭ᠎ᠠ᠂ ᠰᠢᠨ᠎ᠡ ᠪᠡᠷᠢ ᠳᠤ ᠪᠠᠨ | ᠬᠤᠪᠢ ᠦᠭᠴᠦ᠂ ᠬᠤᠪᠴᠠᠰᠤ᠂ ᠲᠤᠯᠤᠭᠠᠢ ᠶᠢᠨ ᠵᠠᠰᠠᠯ ᠳᠤᠰᠢᠶᠠᠳᠠᠭ᠂ ᠡᠨᠡ ᠬᠦᠢᠴᠡᠳᠬᠡᠯ ᠢ ᠪᠡᠷᠭᠡᠳ ᠲᠤ ᠰᠠᠪᠠ | ᠲᠠᠯᠪᠢᠵᠦ᠂ ᠬᠡᠦᠬᠡᠨ ᠤ ᠬᠤᠪᠢ ᠦᠭᠴᠦ ᠬᠤᠪᠴᠠᠰᠤ ᠵᠠᠰᠠᠯ ᠢ ᠨᠢ ᠳᠤᠰᠢᠶᠠᠨ᠎ᠠ᠃ | 9.ᠨᠠᠶᠢᠷ ᠨᠠᠶᠢᠯᠡᠬᠦ ᠰᠠᠪᠠ | ᠪᠤᠭᠤᠷᠰᠤᠭ ᠦᠭᠡᠢ ᠵᠢᠩᠰᠡ ᠲᠠᠢ ᠴᠠᠢ ᠶᠢᠨ ᠰᠠᠪᠠ ᠶᠢ ᠳᠦᠪᠯᠡᠭᠴᠢ ᠶᠢᠨ ᠰᠢᠷᠡᠭᠡᠨ ᠳᠡᠭᠡᠷ᠎ᠡ ᠲᠠᠯᠪᠢᠨ᠎ᠠ᠂ | ᠪᠠᠰᠠ ᠨᠠᠶᠢᠷ ᠤᠨ ᠪᠡᠯᠡᠭ ᠭᠡᠵᠦ᠂ 2 ᠯᠤᠩᠬᠤ ᠠᠷᠢᠬᠢ᠂2 ᠴᠠᠢ᠂ ᠬᠡᠳᠦᠨ ᠬᠠᠶᠢᠷᠴᠠᠭ ᠪᠤᠶᠤ ᠪᠦᠬᠦᠯᠢ ᠲᠢᠶᠤᠤᠽᠢ | ᠲᠠᠮᠠᠬᠢ ᠪᠤᠢ᠃ | ᠡᠨᠡ ᠶᠤᠰᠤ ᠶᠢ ᠬᠤᠶᠠᠷ ᠲᠠᠯ᠎ᠠ ᠠᠳᠠᠯᠢ ᠪᠠᠷ ᠬᠦᠢᠴᠡᠳᠬᠡᠳᠡᠭ᠃ | 10.ᠠᠴᠢ ᠬᠠᠷᠢᠭᠤᠯᠬᠤ ᠰᠠᠪᠠ ︵ᠴᠠᠢ ᠶᠢᠨ ᠰᠠᠪᠠ︶ | ᠶᠡᠭᠡ ᠬᠤᠷᠢᠮ ᠤᠨ ᠴᠠᠢ ᠤᠷᠤᠬᠤ ᠳᠤ᠂ ᠡᠵᠢ ᠶᠢᠨ ᠴᠠᠭᠠᠨ ᠰᠦ ᠶᠢᠨ ᠠᠴᠢ ᠬᠠᠷᠢᠭᠤᠯᠠᠯᠳᠠ ᠭᠡᠵᠦ᠂ | ᠬᠡᠦᠬᠡᠨ ᠤ ᠠᠪᠤ ᠡᠵᠢ ᠶᠢᠨ ᠬᠢ ᠨᠢ ᠡᠮᠦᠨ᠎ᠡ ᠴᠠᠢ ᠶᠢᠨ ᠰᠠᠪᠠ ᠪᠠᠨ ᠲᠠᠯᠪᠢᠳᠠᠭ᠂ ᠶᠠᠷᠢᠯᠴᠠᠵᠦ ᠳᠤᠭᠳᠠᠭᠰᠠᠨ | ᠶᠤᠰᠤᠭᠠᠷ ᠡᠮᠦᠰᠬᠡᠯ᠂ ᠵᠤᠭᠤᠰ ᠮᠦᠩᠬᠦ ᠪᠠᠨ ᠳᠤᠰᠢᠶᠠᠨ᠎ᠠ᠃ | ᠬᠠᠭᠤᠴᠢᠨ ᠳᠤ ᠵᠦᠪᠬᠡᠨ ᠡᠵᠢ ᠳᠤ ᠨᠢ ᠭᠠᠷᠳᠠᠭᠤᠯᠳᠠᠭ ᠪᠠᠶᠢᠭᠰᠠᠨ᠂ ᠨᠡᠶᠢᠬᠡᠮ ᠤᠨ ᠬᠦᠭᠵᠢᠯᠳᠡ ᠶᠢ | ᠳᠠᠭᠠᠭᠠᠳ᠂ ᠠᠪᠤ ᠡᠵᠢ ᠳᠤ ᠨᠢ ᠠᠳᠠᠯᠢ ᠪᠠᠷ ᠵᠡᠬᠦᠬᠦ ᠪᠤᠯᠵᠠᠢ᠃ | ᠡᠨᠡ ᠪᠠᠰᠠ ᠠᠳᠠᠯᠢ ᠦᠭᠡᠢ᠂ ᠵᠠᠷᠢᠮ ᠭᠠᠵᠠᠷ ᠨᠢ ᠰᠠᠭᠠᠳᠠᠭ ᠲᠤ ᠤᠴᠢᠭᠰᠠᠨ ᠬᠦᠮᠦᠰ ᠬᠡᠦᠬᠡᠨ ᠤ ᠲᠠᠯ᠎ᠠ ᠳᠤ | ᠳᠤᠰᠢᠶᠠᠨ᠎ᠠ᠃ ᠵᠠᠷᠢᠮ ᠭᠠᠵᠠᠷ ᠨᠢ ᠡᠵᠢ ᠨᠢ ᠬᠡᠦᠬᠡᠨ ᠢᠶᠠᠨ ᠬᠦᠷᠭᠡᠵᠦ ᠤᠴᠢᠬᠤ ᠳᠤ᠂ ᠬᠦᠷᠭᠡᠨ ᠤ ᠲᠠᠯ᠎ᠠ ᠳᠤ | ᠡᠵᠢ ᠳᠤ ᠨᠢ ᠰᠠᠪᠠ ᠪᠠᠨ ᠲᠠᠯᠪᠢᠵᠦ ᠳᠤᠰᠢᠶᠠᠳᠠᠭ ᠪᠠᠶᠢᠭᠰᠠᠨ᠃ | 11.ᠬᠦᠷᠭᠡᠨ ᠳᠤᠰᠢᠶᠠᠬᠤ ᠰᠠᠪᠠ ︵ᠴᠠᠢ ᠶᠢᠨ ᠰᠠᠪᠠ︶ | ᠰᠠᠭᠠᠳᠠᠭ ᠤᠨ ᠬᠦᠮᠦᠰ ᠮᠤᠷᠳᠠᠬᠤ ᠳᠤ᠂ ᠳᠠᠰᠢ ᠬᠦᠷᠭᠡᠨ ᠨᠢ ᠰᠢᠨ᠎ᠡ ᠬᠦᠷᠭᠡᠨ ᠢᠶᠠᠨ ᠳᠠᠭᠠᠭᠤᠯᠵᠦ᠂ | ᠬᠡᠦᠬᠡᠨ ᠤ ᠠᠪᠤ ᠡᠵᠢ ᠶᠢ ᠨᠢ ᠰᠠᠭᠤᠯᠭᠠᠵᠦ ᠬᠦᠷᠭᠡᠨ ᠳᠤᠰᠢᠶᠠᠵᠦ ᠪᠠᠶᠢᠨ᠎ᠠ ᠬᠡᠮᠡᠨ ᠰᠠᠪᠠ ᠪᠠᠨ ᠲᠠᠯᠪᠢᠨ᠎ᠠ᠃ | 12.ᠬᠡᠦᠬᠡᠨ ᠬᠦᠷᠭᠡᠬᠦ ᠰᠠᠪᠠ ︵ᠬᠡᠦᠬᠡᠨ ᠤ ᠲᠠᠯ᠎ᠠ ᠠᠴᠠ ᠬᠦᠷᠭᠡᠨ ᠤ ᠲᠠᠯ᠎ᠠ ᠳᠤ ᠤᠴᠢᠬᠤ ᠰᠠᠪᠠ︶ | ᠰᠠᠭᠠᠳᠠᠭ ᠤᠨ ᠰᠠᠪᠠ ᠲᠠᠢ ᠠᠳᠠᠯᠢ᠂ ᠡᠭᠦᠨ ᠳᠤ ᠭᠠᠵᠠᠷ ᠭᠠᠵᠠᠷ ᠤᠨ ᠵᠠᠩᠰᠢᠯ ᠠᠳᠠᠯᠢ ᠦᠭᠡᠢ ᠶᠢᠨ ᠲᠤᠯᠠ | ᠬᠡᠦᠬᠡᠨ ᠢᠶᠠᠨ ᠳᠠᠭᠠᠭᠤᠯᠵᠦ ᠤᠯᠠᠭᠠᠨ ᠢᠳᠡᠭᠡᠨ ᠶᠠᠪᠤᠳᠠᠭ ᠦᠭᠡᠢ ᠪᠤᠯᠬᠤᠷ᠂ ᠬᠤᠷᠢᠮ ᠤᠨ ᠰᠠᠪᠠ— ᠰᠢᠭᠦᠰᠦ ᠪᠢᠰᠢ | ᠂ ᠬᠠᠷᠢᠨ ᠳᠠᠪᠬᠤᠷ ᠴᠠᠢ ᠶᠢᠨ ᠰᠠᠪᠠ ᠪᠠᠶᠢᠳᠠᠭ᠃ ᠳᠡᠭᠡᠪᠡᠯ ᠳᠠᠭᠠᠪᠤᠷᠢ ᠰᠠᠪᠠ ᠨᠢ ᠰᠢᠪᠠᠨᠽᠠ ︵ᠪᠠᠭᠽᠠ︶ ᠪᠤᠯᠤᠨ᠎ᠠ᠂ | ᠳᠠᠪᠬᠤᠷ ᠴᠠᠢ ᠶᠢᠨ ᠰᠠᠪᠠ ᠭᠡᠳᠡᠭ ᠨᠢ ᠬᠤᠶᠠᠷ ᠤᠳᠠᠭ᠎ᠠ ᠴᠠᠢ ᠶᠢᠨ ᠰᠠᠪᠠ ᠲᠠᠯᠪᠢᠬᠤ ᠪᠢᠰᠢ᠂ ᠬᠤᠶᠠᠷ ᠴᠠᠢ ᠶᠢ | ᠦᠷᠦᠵᠦ ᠲᠠᠯᠪᠢᠨ᠎ᠠ᠃ | ᠳᠠᠭᠠᠬᠤ ᠪᠡᠯᠡᠭ᠂ ᠬᠤᠪᠢ ᠨᠡᠷ᠎ᠡ᠄ ᠬᠦᠦ ᠲᠠᠯ᠎ᠠ ᠲᠠᠢ ᠠᠳᠠᠯᠢ᠂ ᠭᠡᠳᠡᠯ᠎ᠡ ᠳᠠᠰᠢ ᠬᠦᠷᠭᠡᠨ ᠳᠤ ᠰᠠᠪᠠ ᠲᠠᠯᠪᠢᠬᠤ | ᠤᠴᠢᠷ ᠦᠭᠡᠢ᠃ | ᠬᠤᠷᠢᠮ ᠤᠨ ᠨᠠᠶᠢᠷ ᠡᠬᠢᠯᠡᠬᠦ ᠳᠤ᠂ ᠬᠦᠦ ᠲᠠᠯ᠎ᠠ ᠲᠠᠢ ᠠᠳᠠᠯᠢ ᠨᠠᠶᠢᠷ ᠨᠡᠶᠢᠯᠡᠬᠦ ᠰᠠᠪᠠ᠂ ᠨᠠᠶᠢᠷ ᠤᠨ ᠪᠡᠯᠡᠭ | ᠲᠠᠯᠪᠢᠨ᠎ᠠ᠃ | 13.ᠪᠡᠷᠢ ᠳᠤᠰᠢᠶᠠᠬᠤ ᠰᠠᠪᠠ ︵ᠴᠠᠢ ᠶᠢᠨ ᠰᠠᠪᠠ︶ | ᠶᠡᠭᠡ ᠬᠤᠷᠢᠮ ᠤᠨ ᠴᠠᠢ ᠤᠷᠤᠬᠤ ᠦᠶ᠎ᠡ ᠳᠤ᠂ ᠪᠡᠷᠭᠡᠳ ᠠᠴᠠ ᠬᠠᠳᠠᠮ ᠠᠪᠤ ᠡᠵᠢ ᠶᠢᠨ ᠬᠢ ᠨᠢ ᠡᠮᠦᠨ᠎ᠡ ᠰᠠᠪᠠ | ᠪᠠᠨ ᠲᠠᠯᠪᠢᠵᠦ᠂ ᠠᠷᠢᠬᠢ ᠪᠠᠨ ᠪᠠᠷᠢᠵᠦ ᠪᠡᠷᠢ ᠳᠤᠰᠢᠶᠠᠬᠤ ︵ᠬᠡᠦᠬᠡᠨ ᠳᠤᠰᠢᠶᠠᠬᠤ︶ ᠦᠭᠡ ᠪᠠᠨ ᠬᠡᠯᠡᠵᠦ᠂ | ᠬᠡᠦᠬᠡᠨ ᠤ ᠦᠮᠴᠢ ᠶᠢ ᠤᠩᠰᠢᠵᠦ᠂ ᠦᠮᠴᠢ ᠶᠢᠨ ᠪᠢᠴᠢᠭ ᠢᠶᠠᠨ ᠬᠦᠷᠭᠡᠨ ᠬᠡᠦᠬᠡᠨ ᠳᠤ ᠪᠠᠨ ᠴᠠᠭᠠᠨ ᠢᠳᠡᠭᠡᠨ | ᠠᠮᠰᠠᠭᠤᠯᠵᠦ ᠳᠤᠰᠢᠶᠠᠳᠠᠭ᠃ | 14.ᠪᠠᠭ᠎ᠠ ᠡᠷᠬᠢᠯᠳᠡ ᠶᠢᠨ ᠰᠠᠪᠠ ︵ᠴᠠᠢ ᠶᠢᠨ ᠰᠠᠪᠠ︶ | ᠶᠡᠭᠡ ᠴᠠᠢ ᠶᠢᠨ ᠳᠠᠷᠠᠭ᠎ᠠ ᠬᠡᠦᠬᠡᠨ ᠢᠶᠠᠨ ᠡᠷᠬᠢᠵᠦ ᠪᠠᠶᠢᠨ᠎ᠠ ᠬᠡᠮᠡᠨ ᠰᠢᠨ᠎ᠡ ᠬᠦᠮᠦᠨ ᠤ ᠪᠠᠶᠢᠰᠢᠩ ᠳᠤ ᠨᠢ | ᠤᠴᠢᠵᠦ ᠰᠠᠪᠠ ᠪᠠᠨ ᠲᠠᠯᠪᠢᠵᠦ᠂ ᠬᠤᠶᠠᠷ ᠰᠢᠨ᠎ᠡ ᠬᠦᠮᠦᠨ ᠳᠤ ᠪᠠᠨ ᠬᠤᠪᠢ ᠦᠭᠭᠦᠨ᠎ᠡ᠃ | ᠬᠠᠭᠤᠴᠢᠨ ᠳᠤ ᠬᠡᠦᠬᠡᠨ ᠤ ᠬᠤᠪᠢ ᠨᠢ ᠬᠠᠳᠠᠮ ᠤᠨ ᠡᠭᠦᠳᠡᠨ ᠤ ᠭᠠᠯ ᠤᠨ ᠪᠤᠷᠬᠠᠨ ᠢ ᠳᠠᠬᠢᠬᠤ ᠪᠤᠯᠭᠤᠭᠰᠠᠨ | ᠬᠤᠷᠮᠤᠢ ᠦᠭᠡᠢ ᠡᠪᠴᠢᠭᠦᠦ᠂ ᠠᠮᠠᠨ ᠬᠦᠵᠦᠭᠦᠦ ᠲᠠᠢ ᠪᠠᠶᠢᠭᠰᠠᠨ᠂ ᠤᠳᠤ ᠬᠤᠪᠢᠷᠠᠵᠠᠢ᠃ | 15. ᠵᠤᠯᠭᠠᠯᠳᠠ ᠶᠢᠨ ᠰᠠᠪᠠ ︵ᠰᠢᠭᠦᠰᠦ ᠪᠤᠶᠤ ᠴᠠᠢ ᠶᠢᠨ ᠰᠠᠪᠠ︶ | ᠬᠤᠷᠢᠮ ᠤᠨ 3 ᠬᠤᠨᠤᠭ ᠤᠨ ᠳᠠᠷᠠᠭ᠎ᠠ ᠠᠬᠠᠮᠠᠳ ᠨᠢ ᠰᠢᠨ᠎ᠡ ᠬᠦᠦ ᠪᠡᠷᠢ ᠪᠠᠨ ᠳᠠᠭᠠᠭᠤᠯᠵᠦ᠂ ᠰᠠᠪᠠ ᠳᠡᠭᠡᠵᠢ | ᠠᠪᠴᠦ᠂ ᠬᠡᠦᠬᠡᠨ ᠤ ᠳᠦᠷᠦᠭᠰᠡᠨ ᠭᠡᠷ ᠠᠴᠠ ᠨᠢ ᠡᠬᠢᠯᠡᠵᠦ ᠬᠤᠶᠠᠷ ᠲᠠᠯ᠎ᠠ ᠶᠢᠨ ᠠᠪᠠᠭ᠎ᠠ ᠨᠠᠭᠠᠴᠤ ᠠᠬ᠎ᠠ ᠪᠡᠷᠬᠡᠨ᠂ | ᠡᠭᠡᠴᠢ ᠬᠦᠷᠭᠡᠨ ᠠᠬ᠎ᠠ ᠪᠤᠯᠤᠨ ᠪᠤᠰᠤᠳ ᠰᠢᠳᠡᠷ ᠳᠦᠷᠦᠯ ᠰᠠᠳᠤᠨ ᠳᠤ ᠵᠤᠯᠭᠠᠭᠤᠯᠤᠨ᠎ᠠ᠃ | 16.ᠶᠡᠭᠡ ᠡᠷᠬᠢᠯᠳᠡ ᠶᠢᠨ ᠰᠠᠪᠠ ︵ᠰᠢᠭᠦᠰᠦ ᠪᠤᠶᠤ ᠴᠠᠢ ᠶᠢᠨ ᠰᠠᠪᠠ︶ | ᠵᠤᠯᠭᠠᠯᠳᠠ ᠶᠢᠨ ᠳᠠᠷᠠᠭ᠎ᠠ ᠬᠡᠦᠬᠡᠨ ᠤ ᠳᠦᠷᠦᠭᠰᠡᠨ ᠭᠡᠷ ᠤᠨ ᠬᠢ ᠨᠢ ᠵᠤᠯᠭᠠᠯᠳᠠ ᠪᠠᠨ ᠬᠦᠷᠭᠡᠵᠦ᠂ ᠶᠡᠭᠡ | ᠡᠷᠬᠢᠯᠳᠡ ᠶᠢᠨ ᠰᠠᠪᠠ᠂ ᠬᠤᠪᠢ ᠨᠡᠷ᠎ᠡ ᠲᠠᠢ ᠤᠴᠢᠨ᠎ᠠ᠃ | 17.ᠵᠤᠯᠭᠠᠯᠳᠠ ᠬᠦᠷᠭᠡᠬᠦ ᠰᠠᠪᠠ | ᠳᠦᠷᠬᠦᠮ ᠠᠴᠠ ᠨᠢ ᠪᠤᠰᠤᠳ ᠳᠦᠷᠦᠯ ᠰᠠᠳᠤᠨ ᠨᠢ ᠵᠤᠯᠭᠠᠯᠳᠠ ᠶᠢᠨ ᠳᠠᠷᠠᠭ᠎ᠠ ᠵᠤᠯᠭᠠᠯᠳᠠ ᠬᠦᠷᠭᠡᠵᠦ ᠪᠠᠶᠢᠨ᠎ᠠ | ᠬᠡᠮᠡᠨ ᠰᠠᠪᠠ ᠳᠡᠭᠡᠵᠢ ᠲᠠᠢ᠂ ᠬᠤᠪᠢ ᠨᠡᠷ᠎ᠡ ᠲᠠᠢ ᠤᠴᠢᠨ᠎ᠠ ︵ᠴᠠᠭ ᠤᠨ ᠬᠢᠵᠠᠭᠠᠷᠯᠠᠯ ᠦᠭᠡᠢ︶᠃ | ᠬᠤᠷᠢᠮ ᠨᠠᠶᠢᠷ ᠲᠤ ᠶᠡᠷᠦ ᠠᠴᠠ ᠭᠠᠭᠴᠠ ᠰᠠᠪᠠ ᠲᠠᠢ ᠤᠴᠢᠳᠠᠭ ᠦᠭᠡᠢ ᠲᠤᠯᠠ ᠬᠡᠷ ᠤᠨ ᠰᠠᠪᠠ᠂ ᠳᠠᠭᠠᠪᠤᠷᠢ | ᠰᠠᠪᠠ ᠭᠡᠵᠦ ᠪᠠᠶᠢᠳᠠᠭ᠂ ᠭᠡᠳᠡᠯ᠎ᠡ ᠰᠢᠭᠦᠰᠦᠨ ᠳᠠᠭᠠᠪᠤᠷᠢ ᠰᠠᠪᠠ ᠨᠢ ᠴᠠᠢ ᠶᠢᠨ ᠰᠠᠪᠠ ᠪᠠᠶᠢᠵᠦ᠂ ᠴᠠᠢ ᠶᠢᠨ ᠰᠠᠪᠠ ᠶᠢᠨ | ᠳᠠᠭᠠᠪᠤᠷᠢ ᠰᠠᠪᠠ ᠨᠢ ᠰᠢᠪᠠᠨᠽᠠ ︵ᠪᠠᠭᠽᠠ︶ ᠪᠠᠶᠢᠳᠠᠭ᠃ | ᠲᠠᠪᠤᠨ ᠰᠠᠷ᠎ᠠ ᠶᠢᠨ ᠠᠷᠪᠠᠨ ᠨᠢᠭᠡᠨ ᠳᠤ ︵ᠪᠠᠭ᠎ᠠ ᠬᠠᠩᠰᠢ ᠶᠢᠨ ᠡᠳᠦᠷ︶ ᠲᠡᠮᠡᠭᠡ ᠵᠤᠭᠳᠤᠷᠯᠠᠬᠤ ᠪᠤᠶᠤ ᠮᠤᠷᠢ | ᠳᠠᠯᠠᠯᠬᠦ ᠳᠤ᠂ ᠤᠯᠠᠨ ᠠᠳᠤᠭᠤᠨ ᠰᠦᠷᠦᠭ᠂ ᠵᠤᠵᠠᠭᠠᠨ ᠲᠡᠮᠡᠭᠡ ᠲᠠᠢ ᠡᠷᠦᠬᠡ ᠪᠠᠨ ᠬᠠᠪᠰᠤᠷᠴᠦ᠂ ᠬᠦᠴᠦ | ᠬᠠᠮᠵᠢᠯᠴᠠᠬᠤ ᠪᠠᠷ ᠠᠶᠢᠯ ᠠᠶᠢᠮᠠᠭ ᠤᠨ ᠬᠢ ᠨᠢ ᠬᠡᠷ ᠤᠨ ᠰᠠᠪᠠ ᠲᠠᠢ ᠤᠴᠢᠳᠠᠭ ᠵᠠᠩᠰᠢᠯ ᠴᠤ ᠪᠠᠶᠢᠭᠰᠠᠨ᠃ | |