1.ᠰᠢᠭᠦᠰᠦᠨ ᠰᠠᠪᠠ ᠶᠢ 2 ᠪᠤᠭᠤᠷᠰᠤᠭ ᠲᠤᠯᠤᠭᠠᠢ ᠵᠢᠩᠰᠡ ᠲᠠᠢ ᠨᠢ ᠬᠠᠷᠢᠭᠤᠯᠠᠨ᠎ᠠ᠃ | 2.ᠰᠢᠨ᠎ᠡ ᠶᠢᠨ ᠰᠠᠪᠠ ᠶᠢ ᠪᠦᠭᠦᠳᠡ ᠶᠢ ᠬᠠᠷᠢᠭᠤᠯᠠᠨ᠎ᠠ᠃ ( ᠵᠠᠷᠢᠮ ᠭᠠᠵᠠᠷ ᠲᠤ ᠵᠦᠪᠬᠡᠨ ᠵᠢᠩᠰᠡ ᠶᠢ | ᠬᠠᠷᠢᠭᠤᠯᠠᠳᠠᠭ ᠦᠵᠡᠭᠳᠡᠯ ᠪᠤᠢ)᠃ | 3.ᠰᠢᠨ᠎ᠡ ᠶᠢᠨ ᠰᠠᠪᠠ ᠠᠴᠠ ᠪᠤᠰᠤᠳ ᠰᠠᠪᠠ ᠶᠢᠨ ᠬᠠᠷᠢᠭᠤ ᠨᠢ 2 ᠪᠤᠭᠤᠷᠰᠤᠭ ᠢ ᠵᠢᠩᠰᠡ ᠲᠠᠢ ᠨᠢ | ᠪᠤᠴᠠᠭᠠᠳᠠᠭ᠃ ᠵᠤᠴᠢᠨ ᠮᠤᠷᠳᠠᠬᠤ ᠦᠶ᠎ᠡ ᠳᠤ ᠴᠠᠭᠠᠨ ᠢᠳᠡᠭᠡᠨ ᠢᠶᠠᠨ ᠠᠮᠰᠠᠭᠤᠯᠵᠦ᠂ ᠰᠠᠪᠠ ᠳᠡᠭᠡᠵᠢ ᠬᠠᠷᠢᠭᠤᠯᠠᠵᠦ | ᠪᠡᠯᠡᠭ ᠵᠡᠬᠦᠨ᠎ᠡ᠃ | ᠡᠩ ᠤᠨ ᠴᠠᠭ ᠲᠤ ᠬᠠᠳᠠᠭ᠂ ᠰᠠᠮᠪᠠᠢ᠂ ᠠᠯᠴᠢᠭᠤᠷ ᠳᠤᠷᠭ᠎ᠠ ᠵᠡᠷᠭᠡ ᠪᠠᠶᠢᠳᠠᠭ᠂ ᠵᠠᠷᠢᠮ ᠭᠠᠵᠠᠷ ᠨᠤᠳᠤᠭ ᠲᠤ | ᠰᠠᠪᠠ ᠳᠡᠭᠡᠵᠢ ᠦᠭᠡᠢ ᠭᠡᠵᠦ ᠵᠦᠪᠬᠡᠨ ᠨᠠᠰᠤᠳᠠᠢ ᠨᠢᠯᠬᠠᠰ ᠲᠤ ᠬᠤᠪᠢ ᠨᠡᠷ᠎ᠡ ᠲᠠᠢ ᠤᠴᠢᠭᠰᠠᠳ ᠲᠤ ᠵᠤᠴᠢᠨ ᠢᠶᠠᠨ | ᠭᠠᠷ ᠬᠤᠭᠤᠰᠤᠨ ᠶᠠᠪᠤᠭᠤᠯᠬᠤ ᠦᠭᠡᠢ᠂ ᠠᠯᠴᠢᠭᠤᠷ ᠬᠠᠳᠠᠭ ᠵᠡᠭᠦᠳᠡᠭ ᠴᠤ ᠪᠤᠢ᠃ | ᠬᠤᠷᠢᠮ ᠤᠨ ᠪᠡᠯᠡᠭ ᠪᠤᠯ ᠠᠳᠠᠯᠢ ᠦᠭᠡᠢ᠂ ᠬᠤᠶᠠᠷ ᠠᠶᠢᠯ ᠢᠶᠠᠷ ᠢᠶᠠᠨ ᠶᠠᠷᠢᠯᠴᠠᠨ ᠳᠤᠭᠳᠠᠨ᠎ᠠ᠃ ᠶᠡᠭᠡ ᠪᠠᠭ᠎ᠠ | ᠡᠷᠬᠢᠯᠳᠡ ᠳᠤ ᠤᠴᠢᠭᠰᠠᠨ ᠨᠢ ᠤᠶᠢᠷ᠎ᠠ ᠳᠦᠷᠦᠯ ᠰᠠᠳᠤᠨ ᠪᠤᠯᠬᠤᠷ ᠪᠡᠯᠡᠭ ᠨᠢ ᠬᠦᠨᠳᠦ ᠰᠢᠭ᠂ ᠴᠠᠢ᠂ ᠡᠮᠦᠰᠬᠡᠯ᠂ | ᠳᠡᠭᠡᠷ᠎ᠡ ᠨᠢ ᠬᠠᠳᠠᠭ ᠠᠯᠴᠢᠭᠤᠷ ᠲᠠᠢ᠂ ᠪᠤᠰᠤᠳ ᠬᠡᠦᠬᠡᠨ ᠬᠦᠷᠭᠡᠵᠦ ᠢᠷᠡᠭᠰᠡᠳ ᠲᠤ ᠬᠠᠳᠠᠭ ᠠᠯᠴᠢᠭᠤᠷ ᠪᠠᠷᠢᠵᠦ᠂ | ᠬᠤᠷᠢᠮ ᠤᠨ ᠳᠦᠪ ᠳᠠᠭᠠᠭᠠᠴᠢᠯᠠᠭᠴᠢ᠂ ᠳᠡᠮᠴᠢ᠂ ᠬᠤᠨᠵᠢᠨ ᠬᠦᠷᠭᠡᠨ᠂ ᠪᠡᠷᠭᠡᠯᠡᠭᠰᠡᠨ ᠬᠦᠮᠦᠰ ᠲᠤ ᠴᠠᠢ ᠶᠢᠨ ᠪᠡᠯᠡᠭ | ᠳᠡᠭᠡᠷ᠎ᠡ ᠨᠢ ᠠᠯᠴᠢᠭᠤᠷ ᠪᠤᠶᠤ ᠬᠠᠳᠠᠭ ᠲᠠᠢ᠂ ᠬᠠᠷᠢᠨ ᠬᠤᠷᠢᠮ ᠤᠨ ᠲᠦᠪ ᠲᠤ ᠳᠠᠪᠬᠤᠷ ᠠᠯᠴᠢᠭᠤᠷ ᠪᠤᠶᠤ ᠬᠠᠳᠠᠭ | ᠲᠠᠢ ᠪᠠᠶᠢᠳᠠᠭ ᠤᠴᠢᠷ ᠨᠢ ᠳᠦᠪ ᠮᠤᠷᠳᠠᠬᠤ ᠳᠤ ᠪᠠᠨ ᠨᠢᠭᠡ ᠶᠢ ᠨᠢ ᠰᠢᠷᠡᠭᠡᠨ ᠳᠡᠭᠡᠷ᠎ᠡ ᠳᠡᠯᠭᠡᠨ ᠲᠠᠯᠪᠢᠵᠦ᠂ 2 | ᠳᠦᠭᠦᠷᠡᠩ ᠠᠷᠢᠬᠢ ᠲᠠᠢ ᠬᠤᠨᠳᠠᠭ᠎ᠠ ᠲᠠᠯᠪᠢᠵᠦ《ᠳᠦᠭᠦᠷᠡᠩ ᠪᠠᠶᠠᠷ ᠳᠦᠪᠰᠢᠨ ᠵᠢᠷᠭᠠᠯ ᠲᠠᠢ》ᠪᠠᠶᠢᠬᠤ ᠶᠢ | ᠪᠡᠯᠭᠡᠳᠡᠵᠦ ᠪᠠᠶᠢᠭ᠎ᠠ ᠰᠡᠳᠬᠢᠯ ᠢᠶᠠᠨ ᠢᠯᠡᠳᠬᠡᠨ᠎ᠡ᠃ | ᠵᠠᠷᠢᠮ ᠭᠠᠵᠠᠷ ᠨᠤᠳᠤᠭ ᠲᠤ ᠳᠦᠪ ᠲᠤ ᠳᠠᠪᠬᠤᠷ ᠴᠠᠢ ᠵᠡᠬᠦᠬᠦ ᠦᠵᠡᠭᠳᠡᠯ ᠪᠤᠢ᠂ ᠳᠠᠪᠬᠤᠷ ᠴᠠᠢ ᠵᠡᠭᠦᠪᠡᠯ | ᠬᠠᠳᠠᠭ ᠠᠯᠴᠢᠭᠤᠷ ᠲᠠᠢ ᠠᠳᠠᠯᠢ᠂ ᠨᠢᠭᠡ ᠶᠢ ᠨᠢ ᠰᠢᠷᠡᠭᠡᠨ ᠳᠡᠭᠡᠷ᠎ᠡ ᠲᠠᠯᠪᠢᠵᠦ ᠠᠷᠢᠬᠢ ᠲᠠᠢ ᠬᠤᠨᠳᠠᠭ᠎ᠠ ᠪᠠᠨ ᠳᠡᠭᠡᠷ᠎ᠡ | ᠨᠢ ᠲᠠᠯᠪᠢᠨ᠎ᠠ᠃ |