ᠠᠷᠪᠠᠨ ᠨᠢᠭᠡ᠂ ᠤᠭᠳᠤᠭᠤᠯ ᠦᠳᠡᠯᠭᠡ ᠶᠢᠨ ᠰᠠᠪᠠ
ᠨᠡᠶᠢᠲᠡᠯᠡᠭᠰᠡᠨ ᠴᠠᠭ᠄
2020/9/15
   1. ᠬᠤᠷᠢᠮ ᠤᠨ ᠭᠠᠵᠠᠷ᠂ ᠰᠠᠭᠠᠳᠠᠭ ᠢᠷᠡᠬᠦ ᠪᠤᠶᠤ ᠬᠡᠦᠬᠡᠨ ᠬᠦᠷᠭᠡᠵᠦ ᠢᠷᠡᠬᠦ ᠳᠤ ᠭᠠᠳᠠᠨ᠎ᠠ ᠪᠠᠨ ᠢᠰᠡᠭᠡᠢ ᠳᠡᠪᠢᠰᠴᠦ ᠰᠢᠷᠡᠭᠡ ᠲᠠᠯᠪᠢᠵᠦ ᠳᠡᠭᠡᠷ᠎ᠡ ᠨᠢ 6 ᠪᠤᠭᠤᠷᠰᠤᠭ ᠵᠢᠩᠰᠡ ᠲᠠᠢ᠂ ᠴᠠᠭᠠᠨ ᠢᠳᠡᠭᠡ᠂ ᠠᠷᠢᠬᠢ ᠬᠤᠨᠳᠠᠭ᠎ᠠ  ᠪᠠᠨ ᠪᠡᠯᠡᠬᠡᠨ ᠲᠠᠯᠪᠢᠵᠦ ᠪᠠᠶᠢᠵᠦ᠂ ᠬᠤᠷᠢᠮ ᠤᠨ ᠳᠦᠪ ᠳᠤᠰ ᠬᠤᠳᠠ᠂ ᠬᠤᠳᠠᠭᠠᠢ ᠶᠢᠨ ᠳᠦᠷᠦᠭᠦᠦ᠂ ᠵᠠᠭᠤᠴᠢ ᠶᠢᠨ ᠬᠦᠮᠦᠨ ᠢ ᠤᠷᠢᠨ ᠰᠠᠭᠤᠯᠭᠠᠵᠦ ᠬᠦᠬᠦᠦᠷ ᠰᠤᠯᠢᠵᠦ ᠴᠠᠭᠠᠨ ᠢᠳᠡᠭᠡ ᠪᠠᠨ ᠠᠮᠰᠠᠭᠤᠯᠵᠦ ᠭᠤᠷᠪᠠ ᠭᠤᠷᠪᠠᠨ ᠬᠤᠨᠳᠠᠭ᠎ᠠ ᠠᠷᠢᠬᠢ ᠪᠠᠷᠢᠨ᠎ᠠ᠃     2.ᠰᠠᠭᠠᠳᠠᠭ ᠪᠤᠶᠤ ᠬᠡᠦᠬᠡᠨ ᠬᠦᠷᠭᠡᠵᠦ ᠢᠷᠡᠭᠰᠡᠳ ᠮᠤᠷᠳᠠᠬᠤ ᠳᠤ ᠠᠳᠠᠯᠢ ᠪᠠᠷ ᠭᠦᠢᠴᠡᠳᠬᠡᠨ᠎ᠡ᠂ ᠬᠦᠬᠦᠦᠷ ᠰᠤᠯᠢᠬᠤ ᠦᠭᠡᠢ ᠵᠤᠴᠢᠨ ᠢᠶᠠᠨ ᠭᠠᠳᠠᠭᠰᠢ ᠬᠠᠨᠳᠤᠭᠤᠯᠵᠦ ᠰᠠᠭᠤᠯᠭᠠᠨ᠎ᠠ᠃     3.ᠬᠠᠭᠤᠴᠢᠨ ᠳᠤ ᠨᠤᠶᠠᠳ ᠳᠦᠰᠢᠮᠡᠳ᠂ ᠬᠡᠬᠡᠨ ᠬᠤᠳᠤᠭᠳᠤ ᠶᠢ ᠤᠭᠳᠤᠬᠤ ᠳᠤ᠂ ᠤᠭᠳᠤᠯᠭ᠎ᠠ ᠶᠢᠨ ᠰᠠᠪᠠ  ᠨᠢ ᠰᠢᠭᠦᠰᠦ ᠪᠠᠶᠢᠳᠠᠭ᠃ ᠲᠠᠪᠤ ᠠᠷᠪᠠᠨ ᠤ ᠭᠠᠵᠠᠷ᠂ ᠬᠡᠳᠦᠨ ᠠᠷᠪᠠᠨ ᠤ ᠭᠠᠵᠠᠷ ᠲᠤ ᠳᠠᠪᠬᠤᠷ ᠤᠭᠳᠤᠯᠭ᠎ᠠ ᠬᠢᠬᠦ ᠶᠤᠰᠤ ᠪᠤᠢ᠃     ᠤᠳᠤ᠂ ᠳᠠᠷᠤᠭ᠎ᠠ᠂ ᠬᠦᠨᠳᠦᠳᠦ ᠵᠤᠴᠢᠨ ᠢᠷᠡᠬᠦ ᠳᠤ᠂ ᠭᠠᠳᠠᠨ᠎ᠠ ᠪᠠᠨ ᠪᠤᠶᠤ ᠵᠡᠭᠡᠯᠢ ᠶᠢᠨ ᠠᠮᠠᠨ ᠳᠤ ᠰᠢᠭᠦᠰᠦ ᠰᠠᠪᠠ ᠲᠠᠯᠪᠢᠵᠦ ᠤᠭᠳᠤᠵᠦ ᠪᠤᠢ᠃     ᠴᠠᠭᠠᠨ ᠢᠳᠡᠭᠡ ᠪᠤᠯ ᠮᠤᠩᠭᠤᠯᠴᠤᠳ ᠤᠨ ᠰᠦ ᠰᠠᠭᠠᠯᠢ ᠶᠢᠨ ᠳᠡᠭᠡᠵᠢ ᠪᠤᠯᠤᠨ᠎ᠠ᠃ ᠡᠶᠢᠮᠦ ᠠᠴᠠ ᠢᠳᠡᠭᠡᠨ ᠤ ᠳᠡᠭᠡᠵᠢ ᠪᠠᠨ ᠪᠤᠯᠭᠠᠵᠦ᠂ ᠡᠷᠳᠡ ᠢᠵᠠᠭᠤᠷ ᠠᠴᠠ ᠭᠡᠵᠢᠶ᠎ᠡ ᠴᠤ ᠭᠡᠰᠡᠨ ᠢᠷᠡᠭᠰᠡᠨ ᠵᠤᠴᠢᠳ ᠲᠤ ᠶᠠᠭᠤᠨ ᠤ ᠡᠮᠦᠨ᠎ᠡ ᠠᠮᠰᠠᠭᠤᠯᠳᠠᠭ ᠵᠠᠩᠰᠢᠯ ᠲᠠᠢ᠃ ᠡᠳᠦᠭᠡ ᠶᠢᠨ ᠬᠦᠮᠦᠰ ᠬᠠᠷᠢᠨ ᠰᠢᠨᠠᠯᠡᠬᠦ ᠪᠤᠶᠤ ᠬᠤᠷᠢᠮ ᠨᠠᠶᠢᠷ ᠤᠨ ᠭᠠᠵᠠᠷ ᠲᠤ ᠯᠠ ᠠᠮᠰᠠᠭᠤᠯᠳᠠᠭ ᠢᠶᠠᠷ ᠦᠵᠡᠵᠦ ᠪᠤᠢ᠃  
ᠢᠷᠡᠯᠲᠡ᠄ 《ᠤᠷᠳᠤᠰ ᠮᠤᠩᠭᠤᠯᠴᠤᠳ ᠤᠨ ᠵᠠᠩ ᠦᠢᠯᠡ ᠪᠠ ᠰᠤᠶᠤᠯ ᠲᠡᠦᠬᠡ》ᠭᠡᠬᠦ ᠨᠤᠮ ᠠᠴᠠ ᠪᠠᠭᠤᠯᠭᠠᠪᠠ᠃