ᠮᠤᠩᠭᠤᠯᠴᠤᠳ ᠤᠨ ᠨᠢᠯᠬ᠎ᠠ ᠬᠡᠤᠬᠡᠳ ᠤᠨ ᠲᠤᠬᠠᠢ ᠴᠡᠭᠡᠷ ᠶᠤᠰᠤ
ᠨᠡᠶᠢᠲᠡᠯᠡᠭᠰᠡᠨ ᠴᠠᠭ᠄
2021/1/27
    ※ ᠦᠯᠦᠭᠡᠢ ᠲᠠᠢ ᠬᠡᠤᠬᠡᠳ ᠤᠨ ᠠᠰ ᠤᠷᠤᠢ ᠠᠴᠠ ᠨᠢ ᠬᠠᠷᠠᠬᠤ ᠶᠢ ᠴᠡᠭᠡᠷᠯᠡᠨ᠎ᠠ᠃ ᠨᠢᠳᠦᠨ ᠳᠤᠨᠢ ᠮᠠᠭᠤ ᠭᠡᠳᠡᠭ᠃     ※ ᠬᠡᠯᠡ ᠳᠤ ᠤᠷᠤᠭᠠᠳᠦᠢ ᠬᠡᠤᠬᠡᠳ ᠢ ᠭᠡᠳᠡᠭᠡᠯᠡᠬᠦ ᠶᠢ ᠴᠡᠭᠡᠷᠯᠡᠳᠡᠭ᠃ ᠬᠡᠯᠡᠭᠡᠢ ᠪᠤᠯᠬᠤ ᠠᠶᠤᠯᠳᠠᠢ ᠪᠤᠶᠤ ᠨᠢᠭᠦᠯ ᠪᠤᠯᠤᠨ᠎ᠠ ᠭᠡᠳᠡᠭ᠃     ※ ᠬᠠᠷᠠᠩᠭᠤᠢ ᠪᠤᠯᠪᠠᠯ ᠬᠡᠤᠬᠡᠳ ᠢ ᠭᠡᠷ ᠤᠨ ᠭᠠᠳᠠᠨ᠎ᠠ ᠠᠴᠠ ᠨᠡᠷ᠎ᠡ ᠶᠢ ᠨᠢ ᠲᠠᠭᠤᠳᠠᠬᠤ ᠶᠢ ᠴᠡᠭᠡᠷᠯᠡᠨ᠎ᠠ᠃ ᠴᠢᠳᠬᠦᠷ ᠰᠤᠨᠤᠰᠤᠭᠠᠳ ᠡᠪᠡᠳᠴᠢᠨ ᠲᠠᠬᠤᠯ ᠬᠦᠷᠭᠡᠨ᠎ᠠ ᠭᠡᠳᠡᠭ᠃     ※ ᠨᠢᠯᠬ᠎ᠠ ᠨᠢᠷᠠᠢ ᠬᠡᠤᠬᠡᠳ ᠢ ᠬᠦᠭᠡᠷᠦᠬᠦᠨ ᠰᠠᠶᠢᠬᠠᠨ᠂ ᠤᠬᠠᠭᠠᠨ ᠲᠠᠢ᠂ ᠪᠤᠶᠠᠨ ᠲᠠᠢ ᠭᠡᠬᠦᠴᠢᠯᠡᠨ ᠢᠯᠡ ᠮᠠᠭᠳᠠᠨ ᠬᠡᠯᠡᠯᠴᠡᠬᠦ ᠶᠢ ᠴᠡᠭᠡᠷᠯᠡᠨ᠎ᠠ᠃ ᠴᠠᠭᠠᠨ ᠬᠡᠯᠡ ᠠᠮᠠ ᠬᠦᠷᠦᠨ᠎ᠠ᠂ ᠭᠠᠢ ᠪᠠᠷᠴᠢᠳ ᠨᠢᠭᠤᠷᠯᠠᠨ᠎ᠠ ᠭᠡᠳᠡᠭ᠃     ※ ᠨᠢᠯᠬ᠎ᠠ ᠪᠠᠯᠴᠢᠷ ᠬᠡᠤᠬᠡᠳ ᠲᠤ ᠠᠯᠳᠠ ᠮᠦᠩᠭᠦᠨ ᠴᠢᠮᠡᠭ ᠵᠡᠭᠦᠯᠳᠡ ᠬᠡᠷᠡᠭᠯᠡᠬᠦ ᠶᠢ ᠴᠡᠭᠡᠷᠯᠡᠨ᠎ᠠ᠃ ᠪᠤᠶᠠᠨ ᠢᠶᠠᠨ ᠪᠠᠷᠠᠨ᠎ᠠ᠂ ᠨᠠᠰᠤ ᠤᠬᠤᠷ ᠪᠤᠯᠤᠨ᠎ᠠ ᠭᠡᠳᠡᠭ᠃     ※ ᠨᠢᠯᠬ᠎ᠠ ᠬᠡᠤᠬᠡᠳ ᠢ ᠲᠠᠯᠢᠢᠭᠴᠢ ᠶᠢᠨ ᠶᠠᠪᠤᠳᠠᠯ᠂ ᠬᠡᠭᠦᠷ ᠤᠨ ᠭᠠᠵᠠᠷ ᠠᠪᠴᠤ ᠤᠴᠢᠬᠤ ᠶᠢ ᠴᠡᠭᠡᠷᠯᠡᠨ᠎ᠠ᠃ ᠮᠠᠭᠤ ᠶᠠᠭᠤᠮᠠᠨ ᠤ ᠬᠤᠤᠷᠯᠠᠯ ᠳᠤ ᠦᠷᠳᠦᠨ᠎ᠠ᠂ ᠲᠠᠯᠢᠢᠭᠴᠢ ᠶᠢᠨ ᠰᠦᠨᠡᠰᠤ ᠬᠤᠷᠭᠤᠳᠠᠨ᠎ᠠ ᠭᠡᠳᠡᠭ᠃     ※ ᠨᠢᠯᠬ᠎ᠠ ᠬᠡᠤᠬᠡᠳ ᠢ ᠤᠯᠠᠨ ᠦᠨᠦᠰᠬᠦ ᠶᠢ ᠴᠡᠭᠡᠷᠯᠡᠨ᠎ᠠ᠃ ᠰᠢᠯᠤᠰᠦ ᠨᠢ ᠭᠤᠭᠤᠵᠢᠩᠬᠠᠢ ᠪᠤᠯᠤᠨ᠎ᠠ ᠭᠡᠳᠡᠭ᠃     ※ ᠨᠢᠯᠬ᠎ᠠ ᠬᠡᠤᠬᠡᠳ ᠢ ᠲᠤᠷᠤᠭᠰᠢ ᠬᠠᠨᠳᠤᠭᠤᠯᠵᠦ ᠬᠡᠪᠳᠡᠬᠦᠯᠬᠦ ᠶᠢ ᠴᠡᠭᠡᠷᠯᠡᠨ᠎ᠠ᠃ ᠠᠮᠢᠰᠬᠤᠭ᠎ᠠ ᠨᠢ ᠪᠦᠭᠯᠡᠷᠡᠵᠦ ᠦᠬᠦᠬᠦ ᠠᠶᠤᠯᠳᠠᠢ ᠭᠡᠳᠡᠭ᠃     ※ ᠨᠢᠯᠬ᠎ᠠ ᠬᠡᠤᠬᠡᠳ ᠢ ᠲᠠᠷᠭᠤᠨ ᠭᠡᠵᠦ ᠬᠡᠯᠡᠬᠦ ᠶᠢ ᠴᠡᠭᠡᠷᠯᠠᠨ᠎ᠠ᠃     ※ ᠨᠢᠯᠬ᠎ᠠ ᠬᠡᠤᠬᠡᠳ ᠢ ᠶᠡᠭᠡ ᠲᠠᠭᠤ ᠪᠠᠷ ᠠᠶᠤᠯᠭᠠᠵᠤ ᠰᠤᠴᠢᠭᠠᠬᠤ ᠶᠢ ᠴᠡᠭᠡᠷᠯᠡᠨ᠎ᠠ᠃ ᠰᠦᠨᠡᠰᠤ ᠨᠢ ᠵᠠᠶᠢᠯᠠᠵᠤ ᠤᠯᠢᠭᠤ ᠡᠪᠡᠳᠴᠢᠨ ᠤᠯᠤᠨ᠎ᠠ ᠭᠡᠳᠡᠭ᠃     ※ ᠨᠢᠯᠬ᠎ᠠ ᠬᠡᠤᠬᠡᠳ ᠤᠨ ᠦᠯᠦᠭᠡᠢ ᠶᠢᠨ ᠰᠢᠷᠤᠢ ᠶᠢ ᠭᠠᠯ ᠳᠤ ᠤᠷᠤᠭᠤᠯᠬᠤ ᠶᠢ ᠴᠡᠭᠡᠷᠯᠡᠨ᠎ᠠ᠃ ᠬᠡᠤᠬᠡᠳ ᠤᠨ ᠨᠢᠳᠦ ᠨᠢ ᠡᠪᠡᠳᠴᠢᠯᠡᠨ᠎ᠠ ᠭᠡᠳᠡᠭ᠃     ※ ᠨᠢᠯᠬ᠎ᠠ ᠬᠡᠤᠬᠡᠳ ᠤᠨ ᠬᠤᠪᠴᠠᠰᠤ ᠬᠤᠨᠠᠷ ᠢ ᠰᠦᠨᠢ ᠭᠠᠳᠠᠨ᠎ᠠ ᠬᠤᠨᠤᠭᠤᠯᠠᠬᠤ ᠶᠢ ᠴᠡᠭᠡᠷᠯᠡᠨ᠎ᠠ᠃ ᠴᠢᠳᠬᠦᠷ ᠡᠵᠡᠯᠡᠨ᠎ᠠ ᠭᠡᠳᠡᠭ᠃     ※ ᠨᠢᠯᠬ᠎ᠠ ᠬᠡᠤᠬᠡᠳ ᠤᠨ ᠬᠠᠭᠤᠴᠢᠨ ᠬᠤᠪᠴᠠᠰᠤ ᠶᠢ ᠬᠠᠶᠠᠬᠤ ᠶᠢ ᠲᠤᠩ ᠴᠡᠭᠡᠷᠯᠡᠨ᠎ᠠ᠃ ᠶᠡᠷᠦ ᠳᠡᠭᠡᠨ ᠬᠤᠷᠢᠶᠠᠵᠤ ᠬᠠᠳᠠᠭᠠᠯᠠᠵᠤ ᠪᠠᠶᠢᠭᠠᠳ ᠤᠶᠢᠷ᠎ᠠ ᠲᠦᠷᠦᠯ ᠪᠤᠶᠤ ᠠᠶᠢᠯ ᠬᠤᠳᠠᠨ ᠤ ᠪᠠᠨ ᠬᠡᠤᠬᠡᠳ ᠲᠤ ᠦᠭᠳᠡᠭ᠃     ※ ᠨᠢᠯᠬ᠎ᠠ ᠬᠡᠤᠬᠡᠳ ᠤᠨ ᠬᠦᠢᠰᠦ ᠪᠤᠭᠤᠵᠦ᠂ ᠪᠡᠶ᠎ᠡ ᠤᠭᠢᠶᠠᠭᠰᠠᠨ ᠤᠰᠤ ᠶᠢ ᠬᠠᠮᠢᠶ᠎ᠠ ᠦᠭᠡᠢ ᠠᠰᠬᠠᠬᠤ ᠶᠢ ᠴᠡᠭᠡᠷᠯᠡᠨ᠎ᠠ᠃ ᠵᠠᠪᠠᠯ ᠠᠮᠢᠳᠠᠨ ᠤ ᠬᠦᠯ ᠠᠴᠠ ᠵᠠᠶᠢᠳᠠᠭᠤ᠂ ᠠᠷᠢᠭᠤᠨ ᠴᠡᠪᠡᠷ ᠦᠨᠳᠦᠷᠯᠢᠭ ᠭᠠᠵᠠᠷ ᠤᠨ ᠤᠷᠤᠢ ᠲᠡᠭᠡᠷ᠎ᠠ ᠠᠰᠬᠠᠬᠤ ᠬᠡᠷᠡᠭᠳᠡᠢ᠃ ᠢᠩᠬᠢᠭᠡᠳ ᠠᠷᠴᠠ ᠬᠦᠵᠢ ᠪᠠᠷ ᠠᠷᠢᠭᠤᠯᠠᠨ᠂ ᠬᠤᠨᠢᠨ ᠲᠠᠭᠠᠬᠢ ᠪᠤᠶᠤ ᠬᠤᠷᠠᠭᠠᠨ ᠠᠷᠠᠰᠤ ᠪᠠᠷ ᠬᠢᠭᠰᠡᠨ ᠮᠠᠨᠴᠤᠢ ᠳᠤ ᠪᠠᠭᠯᠠᠳᠠᠭ᠃     ※ ᠨᠢᠯᠬ᠎ᠠ ᠬᠡᠤᠬᠡᠳ ᠤᠨ ᠦᠰᠦ ᠶᠢ ᠰᠠᠮ ᠢᠶᠠᠷ ᠰᠠᠮᠨᠠᠬᠤ ᠶᠢ ᠴᠡᠭᠡᠷᠯᠡᠳᠡᠭ᠃ ᠰᠢᠳᠦ ᠭᠠᠷᠬᠤ ᠳᠠᠭᠠᠨ ᠰᠠᠮ ᠰᠢᠬ ᠠᠷᠵᠠᠭᠠᠷ ᠪᠤᠯᠤᠨ᠎ᠠ᠃     ※ ᠨᠢᠯᠬ᠎ᠠ ᠬᠡᠤᠬᠡᠳ ᠤᠨ ᠲᠡᠷᠭᠡᠳᠡ ᠬᠡᠷᠡᠭᠦᠯ ᠬᠢᠬᠦ ᠶᠢ ᠴᠡᠭᠡᠷᠯᠡᠨ᠎ᠠ᠃ ᠬᠡᠷᠡᠭᠦᠯ ᠤᠨ ᠪᠤᠵᠠᠷ ᠠᠴᠠ ᠰᠡᠪᠳᠤᠨ᠎ᠠ ᠭᠡᠳᠡᠭ᠃    
ᠢᠷᠡᠯᠲᠡ᠄ ᠬᠤᠯᠪᠤᠭ᠎ᠠ ᠰᠦᠯᠵᠢᠶ᠎ᠠ