| ︽ᠣᠷᠭᠤᠮᠠᠯ ᠤᠨ ᠳᠤᠰᠦ ᠪᠠᠷ ᠬᠤᠭᠤᠯᠠ ᠪᠠᠵᠠᠭᠠᠪᠠᠯ ᠦᠮᠡᠨ ᠤᠯᠤᠨ᠎ᠠ︾ ᠭᠡᠬᠦ ᠵᠡᠷᠭᠡ ︽ᠰᠢᠨᠵᠢᠯᠡᠬᠦ ᠤᠬᠠᠭᠠᠨ ᠤ︾ 10 ᠴᠤᠤᠷᠬᠠᠯ ᠤᠤᠯ | ᠵᠢᠬᠰᠠᠭᠠᠯᠲᠠ ᠳᠤ ᠵᠢᠬᠰᠠᠭᠠᠭᠲᠠᠵᠠᠢ᠃ ᠳᠡᠭᠡᠪᠡᠯ ᠣᠷᠭᠤᠮᠠᠯ ᠤᠨ ᠳᠤᠰᠦ ᠪᠠᠷ ᠬᠤᠭᠤᠯᠠ ᠪᠠᠵᠠᠭᠠᠪᠠᠯ ᠦᠨᠡᠭᠡᠷ ᠦᠮᠡᠨ ᠡᠪᠡᠳᠴᠢᠨ ᠤᠯᠤᠨ᠎ᠠ ᠤᠤ︖ | ᠳᠤᠰᠬᠠᠢ ᠮᠡᠷᠭᠡᠵᠢᠯᠲᠠᠨ ᠬᠡᠯᠡᠬᠦ ᠳᠡᠭᠡᠨ᠂ ᠳᠤᠰᠤᠨ ᠢᠲᠡᠭᠡᠨ ᠤ ᠰᠠᠶᠢᠨ ᠮᠠᠭᠤ ᠶᠢ ᠦᠨᠡᠯᠡᠬᠦ ᠳᠤ ᠶᠡᠷᠦᠩᠬᠡᠢ ᠡᠯᠧᠮᠧᠨ᠋ᠲ ᠢ ᠪᠤᠲᠤᠯᠬᠢᠯᠠᠬᠤ ᠬᠡᠷᠡᠭᠲᠡᠢ᠂ ᠡᠬᠦᠨ ᠳᠤ | ᠠᠲᠠᠭ ᠪᠠᠭ᠎ᠠ ᠳᠠᠭᠠᠨ ᠭᠤᠷᠪᠠᠨ ᠲᠠᠯ᠎ᠠ ᠶᠢ ᠪᠤᠲᠤᠯᠬᠢᠯᠠᠬᠤ ᠬᠡᠷᠡᠭᠲᠡᠢ᠄ | ᠨᠢᠭᠡ ᠳᠤ᠂ ᠳᠤᠰᠤᠨ ᠤ ᠦᠭᠡᠬᠦᠨ ᠬᠦᠴᠢᠯ ᠤᠨ ᠪᠦᠷᠢᠯᠳᠦᠯ ᠪᠤᠯᠤᠨ ᠭᠯᠢᠼᠧᠷᠢᠨᠲᠤ ᠡᠰᠲ᠋ᠧᠷ ᠤᠨ ᠪᠦᠳᠦᠴᠠ ᠨᠢ ᠵᠤᠬᠢᠰᠳᠠᠢ ᠪᠠᠶᠢᠬᠤ ᠡᠰᠡᠬᠦ ᠶᠢ ᠦᠵᠡᠬᠦ | ᠬᠡᠷᠡᠭᠲᠡᠢ︔ | ᠬᠤᠶᠠᠷ ᠲᠤ᠂ ᠬᠦᠮᠦᠨ ᠤ ᠪᠡᠶ᠎ᠡ ᠶᠢᠨ ᠡᠷᠡᠬᠦᠯ ᠮᠠᠨᠳᠦ ᠳᠤ ᠳᠤᠰᠠᠳᠠᠢ ᠪᠠᠶᠢᠭᠠᠯᠢ ᠶᠢᠨ ᠪᠢᠴᠢᠯ ᠬᠡᠮᠵᠢᠶᠠᠨ ᠤ ᠰᠢᠮ᠎ᠡ ᠲᠡᠵᠢᠭᠡᠯ ᠤᠨ ᠠᠬᠤᠭᠤᠯᠤᠬᠲᠠᠴᠠ ᠶᠢ ᠦᠵᠡᠬᠦ | ᠬᠡᠷᠡᠭᠲᠡᠢ︔ | ᠭᠤᠷᠪᠠ ᠳᠤ᠂ ᠬᠦᠮᠦᠨ ᠤ ᠪᠡᠶ᠎ᠡ ᠳᠤ ᠬᠤᠤᠷᠲᠠᠢ ᠡᠳ᠋ ᠪᠠᠶᠢᠬᠤ ᠡᠰᠡᠬᠦ ᠶᠢ ᠦᠵᠡᠬᠦ ᠬᠡᠷᠡᠭᠲᠡᠢ᠃ ᠤᠤᠯ ᠮᠡᠲᠡᠭᠡᠯᠡᠯ ᠳᠤ ᠤᠷᠲᠤ ᠴᠠᠭ ᠢᠶᠠᠷ ᠬᠠᠭᠠᠷᠢᠵᠤ | ᠪᠤᠴᠠᠯᠭᠠᠭᠰᠠᠨ ᠢᠲᠡᠰᠢᠨ ᠳᠤᠰᠤᠨ ᠤ ᠳᠤᠳᠤᠷᠠᠬᠢ ᠠᠯᠳᠧᠭᠢᠳ᠋ ᠪᠤᠲᠠᠰ ᠤᠨ ᠳᠤᠭ᠎ᠠ ᠬᠡᠮᠵᠢᠶ᠎ᠠ ᠪᠠᠷ ᠳᠤᠰᠤᠨ ᠤ ᠰᠠᠶᠢᠨ ᠮᠠᠭᠤ ᠶᠢ ᠦᠵᠡᠬᠦ ᠴᠤᠷ ᠤᠨ ᠭᠠᠭᠴᠠ | ᠡᠯᠧᠮᠧᠨ᠋ᠲ ᠪᠤᠯᠭᠠᠭᠰᠠᠨ ᠨᠢ ᠨᠢᠮᠪᠠᠢ ᠪᠢᠰᠢ ᠪᠠᠶᠢᠨ᠎ᠠ᠃ | ᠡᠬᠦᠨ ᠤ ᠵᠡᠷᠭᠡ ᠳᠤ ᠢᠲᠡᠰᠢᠨ ᠳᠤᠰᠤᠨ ᠤ ᠰᠢᠮ᠎ᠡ ᠲᠡᠵᠢᠭᠡᠯ ᠲᠠᠢ ᠪᠠᠶᠢᠬᠤ ᠡᠰᠡᠬᠦ ᠨᠢ ᠬᠤᠭᠤᠯᠠ ᠵᠠᠭᠤᠰᠢ ᠬᠢᠬᠦ ᠠᠷᠭ᠎ᠠ ᠮᠠᠶ᠋ᠢᠭ᠂ ᠬᠠᠯᠠᠭᠤᠨ ᠤ ᠬᠡᠮᠵᠢᠶ᠎ᠠ | ᠪᠤᠯᠤᠨ ᠴᠠᠭ ᠵᠡᠷᠭᠡ ᠤᠯᠠᠨ ᠳᠠᠯ᠎ᠠ ᠶᠢᠨ ᠬᠦᠴᠦᠨ ᠵᠦᠢᠯ ᠳᠤ ᠨᠦᠯᠦᠭᠡᠯᠡᠭᠲᠡᠬᠦ ᠶᠤᠮ᠃ | ᠳᠡᠶᠢᠮᠦ ᠠᠴᠠ ᠶᠠᠮᠠᠷᠪᠠ ᠢᠲᠡᠭᠡᠨ ᠤ ᠳᠤᠰᠦ ᠶᠢ ᠦᠨᠳᠦᠷ ᠬᠠᠯᠠᠭᠤᠨ ᠤ ᠨᠦᠬᠦᠴᠠᠯ ᠳᠤ ᠳᠠᠬᠢᠨ ᠲᠠᠪᠲᠠᠨ ᠬᠡᠷᠡᠭᠯᠡᠬᠦ ᠶᠢ ᠰᠠᠨᠠᠭᠠᠴᠢᠯᠠᠬᠤ ᠦᠭᠡᠢ᠃ ᠬᠠᠭᠠᠷᠢᠵᠤ | ᠪᠤᠴᠠᠯᠭᠠᠬᠤ ᠳᠤ ᠬᠡᠷᠡᠭᠯᠡᠭᠰᠡᠨ ᠲᠤᠰᠤᠨ ᠳᠤ ᠠᠯᠳᠧᠭᠢᠳ᠋ ᠵᠡᠷᠭᠡ ᠬᠢᠮᠢ ᠶᠢᠨ ᠪᠤᠲᠠᠰ ᠡᠬᠦᠰᠴᠦ᠂ ᠳᠡᠬᠦᠨ ᠢ ᠤᠷᠲᠤ ᠬᠤᠭᠤᠴᠠᠭ᠎ᠠ ᠪᠠᠷ ᠢᠲᠡᠪᠡᠯ ᠬᠦᠮᠦᠨ ᠤ ᠪᠡᠶ᠎ᠡ ᠳᠤ | ᠵᠤᠬᠢᠬᠤ ᠬᠦᠨᠦᠭᠡᠯ ᠤᠴᠠᠷᠠᠬᠤ ᠪᠤᠯᠤᠨ᠎ᠠ᠃ | ᠳᠤᠰᠬᠠᠢ ᠮᠡᠷᠭᠡᠵᠢᠯᠲᠠᠨ ᠤ ᠦᠵᠡᠬᠦ ᠪᠠᠷ᠂ ᠤᠷᠭᠤᠮᠠᠯ ᠤᠨ ᠳᠤᠰᠦ ᠶᠢ ᠰᠢᠨᠵᠢᠯᠡᠬᠦ ᠤᠬᠠᠭᠠᠨᠴᠢ ᠪᠠᠷ ᠵᠦᠢ ᠵᠤᠬᠢᠰᠳᠠᠢ ᠢᠲᠡᠬᠦ ᠨᠢ ᠡᠩ ᠤᠨ ᠪᠠᠶᠢᠲᠠᠯ ᠳᠤ | ᠬᠦᠮᠦᠨ ᠤ ᠪᠡᠶ᠎ᠡ ᠳᠤ ᠮᠠᠭᠤ ᠨᠦᠯᠦᠭᠡ ᠪᠤᠯᠬᠤ ᠦᠭᠡᠢ᠃ | ᠡᠬᠦᠨ ᠠᠴᠠ ᠭᠠᠲᠠᠨ᠎ᠠ᠂ ᠳᠤᠮᠳᠠᠳᠦ ᠤᠯᠤᠰ ᠤᠨ ᠬᠦᠮᠦᠨ ᠤ ᠢᠲᠡᠭᠡᠨ ᠤᠮᠲᠠᠭᠠᠨ ᠤ ᠲᠠᠳᠬᠠᠯ᠂ ᠬᠤᠭᠤᠯᠠ ᠵᠠᠭᠤᠰᠢ ᠪᠠᠵᠠᠭᠠᠬᠤ ᠠᠷᠭ᠎ᠠ ᠮᠠᠶ᠋ᠢᠭ᠂ ᠬᠡᠷᠡᠭᠯᠡᠬᠦ | ᠳᠤᠰᠦ ᠵᠡᠷᠭᠡ ᠨᠢ ᠪᠤᠰᠤᠳ ᠤᠯᠤᠰ ᠲᠠᠢ ᠵᠤᠬᠢᠬᠤ ᠢᠯᠭᠠᠭ᠎ᠠ ᠲᠠᠢ᠂ ᠶᠡᠷᠦᠩᠬᠡᠢ ᠳᠤᠨᠢ ᠠᠪᠴᠦ ᠦᠵᠡᠪᠡᠯ᠂ ᠬᠢᠲᠠᠳ ᠮᠠᠶ᠋ᠢᠭ ᠤᠨ ᠬᠤᠭᠤᠯᠠ ᠵᠠᠭᠤᠰᠢ ᠪᠤᠯ | ᠡᠸᠦ᠋ᠷᠤᠫᠠ ᠬᠤᠭᠤᠯᠠ ᠵᠠᠭᠤᠰᠢ ᠠᠴᠠ ᠳᠦᠷᠦᠯ ᠵᠦᠢᠯ ᠢᠶᠠᠷ ᠤᠯᠠᠨ ᠪᠠᠶᠢᠲᠠᠭ᠂ ᠡᠸᠦ᠋ᠷᠤᠫᠠ ᠠᠮᠧᠷᠢᠺᠠ ᠶᠢᠨ ᠣᠯᠣᠰ ᠪᠤᠯ ᠬᠠᠭᠠᠷᠢᠬᠤ᠂ ᠳᠤᠰᠤᠨ ᠳᠤ | ᠪᠤᠴᠠᠯᠭᠠᠬᠤ ᠪᠠᠷ ᠭᠤᠤᠯ ᠪᠤᠯᠭᠠᠲᠠᠭ᠂ ᠬᠢᠲᠠᠳ ᠬᠤᠭᠤᠯᠠ ᠪᠤᠯ ᠬᠠᠭᠤᠷᠬᠤ᠂ ᠵᠢᠩᠨᠡᠬᠦ᠂ ᠴᠢᠨᠠᠬᠤ ᠵᠡᠷᠭᠡ ᠤᠯᠠᠨ ᠵᠦᠢᠯ ᠪᠠᠶᠢᠲᠠᠭ᠂ ᠵᠢᠱᠢᠶᠠᠯᠠᠪᠠᠯ ᠳᠦᠷᠭᠡᠨ | ᠬᠠᠭᠤᠷᠬᠤ᠂ ᠬᠠᠷᠠᠰᠦ ᠪᠠᠷ ᠵᠢᠩᠨᠡᠬᠦ ᠵᠡᠷᠭᠡ ᠠᠷᠭ᠎ᠠ ᠪᠠᠷ ᠬᠤᠭᠤᠯᠠ ᠵᠠᠭᠤᠰᠢ ᠪᠠᠵᠠᠭᠠᠪᠠᠯ ᠳᠤᠰᠤᠨ ᠤ ᠬᠠᠯᠠᠭᠤᠨ ᠤ ᠬᠡᠮᠵᠢᠶ᠎ᠠ ᠶᠡᠷᠦ ᠶᠢᠨ ᠪᠠᠶᠢᠲᠠᠯ ᠳᠤ ᠳᠡᠶᠢᠮᠦ | ᠦᠨᠳᠦᠷ ᠬᠡᠮᠵᠢᠶᠠᠨ ᠳᠤ ᠬᠦᠷᠬᠦ ᠦᠭᠡᠢ ᠶᠤᠮ᠃ | | |