ᠤᠳᠤ ᠠᠯᠪᠠᠨ ᠬᠡᠷ ᠲᠤ ᠰᠠᠭᠤᠵᠤ ᠠᠵᠢᠯᠯᠠᠳᠠᠭ ᠬᠦᠮᠦᠰ ᠤᠨ 90% ᠨᠢ ᠴᠦᠮ ᠬᠦᠵᠦᠬᠦᠤ ᠰᠡᠬᠡᠷ ᠤᠨ ᠠᠰᠠᠭᠤᠳᠠᠯ ᠲᠠᠢ᠃ ᠡᠨᠡ ᠨᠢ ᠭᠤᠤᠯᠳᠠᠭᠤ ᠤᠷᠳᠤ | ᠬᠤᠭᠤᠴᠠᠭ᠎ᠠ ᠪᠠᠷ ᠨᠢᠬᠡᠯᠡ ᠬᠡᠪ ᠢᠶᠠᠷ ᠰᠠᠭᠤᠭᠰᠠᠨ ᠠᠴᠠ ᠪᠤᠯᠵᠤ ᠬᠦᠵᠦᠬᠦᠨ ᠤ ᠬᠡᠰᠡᠭ ᠲᠤ ᠰᠦᠨ ᠬᠦᠴᠢᠯ ᠤᠪᠤᠭᠠᠷᠠᠵᠤ᠂ ᠴᠢᠰᠤᠨ ᠤ ᠡᠷᠬᠢᠯᠳᠡ ᠶᠢ | ᠨᠦᠯᠦᠬᠡᠯᠡᠭᠰᠡᠨ ᠠᠴᠠ ᠪᠤᠯᠪᠠ᠃ | ᠬᠦᠩᠬᠡᠨ ᠪᠠᠶᠢᠳᠠᠯ ᠲᠠᠢ ᠨᠢ ᠬᠦᠵᠦᠬᠦᠤ ᠰᠡᠬᠡᠷ ᠰᠢᠷᠬᠢᠷᠡᠨ ᠡᠪᠡᠳᠴᠦ᠂ ᠬᠦᠨᠳᠤᠷᠡᠭᠰᠡᠬᠡᠷ ᠲᠤᠯᠤᠭᠠᠢ ᠲᠦᠢᠨᠠᠷᠡᠨ ᠡᠪᠡᠳᠬᠦ ᠪᠠᠶᠢᠳᠠᠯ ᠢᠯᠡᠷᠡᠳᠡᠭ᠃ ᠬᠦᠵᠦᠬᠦᠤ | ᠰᠡᠬᠡᠷ ᠤᠨ ᠡᠪᠡᠳᠴᠢᠨ ᠢ ᠤᠷᠢᠳᠴᠢᠯᠠᠨ ᠰᠡᠷᠬᠡᠶᠢᠯᠡᠬᠦ ᠳᠤ ᠶᠠᠭᠤᠨ ᠤ ᠡᠮᠤᠨ᠎ᠠ ᠲᠡᠬᠦᠨ ᠤ ᠪᠤᠢ ᠪᠤᠯᠤᠭᠰᠠᠨ ᠰᠢᠯᠳᠠᠭᠠᠨ ᠢ ᠮᠡᠳᠡᠵᠤ ᠠᠪᠬᠤ ᠴᠢᠬᠤᠯᠠᠳᠠᠢ᠃ | ᠬᠦᠵᠦᠬᠦᠤ ᠰᠡᠬᠡᠷ ᠤᠨ ᠡᠪᠡᠳᠴᠢᠨ ᠪᠤᠢ ᠪᠤᠯᠤᠭᠰᠠᠨ ᠰᠢᠯᠳᠠᠭᠠᠨ ᠢ ᠲᠤᠳᠤᠭᠠᠳᠤ ᠶᠢᠨ ᠰᠢᠯᠳᠠᠭᠠᠨ ︵ᠪᠠᠶ᠎ᠠ ᠶᠢᠨ ᠰᠢᠯᠳᠠᠭᠠᠨ︶ ᠪᠠ ᠭᠠᠳᠠᠭᠠᠳᠤ ᠶᠢᠨ ᠰᠢᠯᠳᠠᠭᠠᠨ | ︵ᠲᠦᠷᠬᠡᠨ ᠴᠢᠨᠠᠷᠳᠠᠢ ᠰᠢᠷᠬᠠᠳᠤᠯ︶ ᠬᠡᠮᠡᠨ ᠬᠤᠶᠠᠷ ᠵᠦᠢᠯ ᠬᠤᠪᠢᠶᠠᠵᠤ᠂ ᠲᠤᠳᠤᠭᠠᠳᠤ ᠰᠢᠯᠳᠠᠭᠠᠨ ᠪᠤᠯ ᠬᠦᠵᠤᠬᠦᠤ ᠰᠡᠬᠡᠷ ᠤᠨ ᠡᠪᠡᠳᠴᠢᠨ ᠪᠤᠢ ᠪᠤᠯᠤᠭᠰᠠᠨ ᠤ | ᠰᠠᠭᠤᠷᠢ ᠮᠦᠨ᠃ | ᠡᠪᠡᠳᠴᠢᠨ ᠪᠤᠢ ᠪᠤᠯᠤᠭᠰᠠᠨ ᠰᠢᠯᠳᠠᠭᠠᠨ ᠢ ᠲᠤᠳᠤᠯᠠᠭᠰᠠᠨ ᠬᠤᠶᠢᠨ᠎ᠠ ᠲᠠᠬᠢᠨ ᠡᠪᠡᠳᠴᠢᠨ ᠤ ᠪᠠᠶᠢᠳᠠᠯ ᠳᠠᠭᠠᠨ ᠵᠤᠬᠢᠴᠠᠭᠤᠯᠤᠨ ᠠᠨᠠᠭᠠᠵᠤ᠂ ᠦᠷᠬᠦᠯᠵᠢ | ᠬᠦᠵᠤᠬᠦᠤ ᠰᠡᠬᠡᠷ ᠤᠨ ᠡᠷᠡᠬᠦᠯᠵᠢᠯ ᠤᠨ ᠲᠠᠮᠢᠷ ᠬᠢᠵᠤ᠂ ᠠᠮᠢᠳᠤᠷᠠᠯ ᠤᠨ ᠵᠢᠵᠢᠭ ᠰᠠᠵᠢᠭ ᠵᠦᠢᠯ ᠠᠴᠠ ᠭᠠᠷᠳᠠᠨ ᠤᠷᠤᠪᠠᠯ ᠬᠦᠵᠤᠬᠦᠤ ᠰᠡᠬᠡᠷ ᠤᠨ ᠡᠪᠡᠳᠴᠢᠨ ᠢ | ᠠᠷᠢᠯᠭᠠᠵᠤ ᠲᠠᠶᠢᠯᠬᠦ ᠶᠤᠮ᠃ | ᠲᠤᠳᠤᠭᠠᠳᠤ ᠰᠢᠯᠳᠠᠭᠠᠨ ᠳᠤ ᠭᠤᠷᠪᠠᠨ ᠲᠠᠯ᠎ᠠ ᠪᠤᠢ᠃ | ᠨᠢᠬᠡ᠂ ᠨᠠᠰᠤ ᠵᠢᠯ ᠤᠨ ᠰᠢᠯᠳᠠᠭᠠᠨ᠃ ᠮᠠᠰᠢ ᠤᠯᠠᠨ ᠬᠦᠵᠤᠬᠦᠤ ᠰᠡᠬᠡᠷ ᠤᠨ ᠡᠪᠡᠳᠴᠢᠨ ᠨᠢ ᠨᠠᠰᠤ ᠵᠢᠯ ᠯᠤᠭ᠎ᠠ ᠨᠢᠬᠳᠠ ᠬᠠᠷᠢᠴᠠᠭ᠎ᠠ ᠲᠠᠢ᠃ ᠵᠢᠱᠢᠶᠡᠯᠡᠪᠡᠯ | ᠬᠦᠵᠦᠬᠦᠨ ᠤ ᠶᠠᠰᠤ ᠤᠪᠤᠶᠢᠯᠳᠠ ᠨᠢ ᠵᠠᠯᠠᠭᠤᠴᠤᠳ ᠲᠤ ᠤᠨᠤᠭᠳᠠᠳᠠᠭ᠃ ᠤᠴᠢᠷ ᠡᠨᠡᠬᠦ ᠬᠤᠭᠤᠴᠠᠭᠠᠨ ᠳᠤ ᠶᠠᠰᠤᠨ ᠳᠠᠬᠢ ᠤᠰᠤᠨ ᠤ ᠠᠭᠤᠯᠤᠭᠳᠠᠴᠠ ᠨᠡᠯᠢᠶᠡᠳ | ᠦᠨᠳᠤᠷ ᠪᠠᠶᠢᠵᠤ᠂ ᠬᠠᠷᠢᠮᠠᠬᠠᠢ ᠴᠢᠨᠠᠷ ᠨᠢ ᠴᠢᠩᠭ᠎ᠠ ᠪᠠᠶᠢᠳᠠᠭ ᠪᠤᠯᠬᠤᠷ ᠰᠢᠷᠬᠡᠭᠯᠢᠭ ᠡᠳ᠋ ᠤᠨ ᠴᠠᠭᠠᠷᠢᠭ ᠡᠪᠳᠡᠭᠳᠡᠭᠰᠡᠬᠡᠷ ᠶᠠᠰᠤᠯᠢᠭ ᠡᠳ᠋ ᠨᠢ ᠲᠤᠳᠤᠭᠠᠳᠤ ᠶᠢᠨ | ᠲᠠᠷᠤᠯᠳᠠ ᠠᠴᠠ ᠪᠤᠯᠤᠭᠠᠳ ᠭᠠᠳᠠᠭᠰᠢ ᠤᠪᠤᠶᠢᠳᠠᠭ᠃ ᠨᠠᠰᠤᠳᠠᠶᠢᠴᠤᠳ ᠤᠨ ᠶᠠᠰᠤᠨ ᠳᠠᠬᠢ ᠤᠰᠤᠨ ᠤ ᠠᠭᠤᠯᠤᠭᠳᠠᠴᠠ ᠨᠡᠯᠢᠶᠡᠳ ᠴᠦᠬᠡᠨ᠂ ᠲᠤᠳᠤᠭᠠᠳᠤ | ᠲᠠᠷᠤᠯᠳᠠ ᠨᠡᠯᠢᠶᠡᠳ ᠰᠤᠯᠠ᠂ ᠬᠠᠷᠢᠮᠠᠬᠠᠢ ᠴᠢᠨᠠᠷ ᠢᠶᠠᠷ ᠴᠦ ᠪᠠᠷᠤᠭᠳᠠᠢ ᠪᠠᠶᠢᠳᠠᠭ ᠪᠤᠯᠬᠤᠷ ᠰᠢᠷᠬᠡᠭᠯᠢᠭ ᠡᠳ᠋ ᠤᠨ ᠴᠠᠭᠠᠷᠢᠭ ᠨᠢ ᠡᠪᠳᠡᠭᠳᠡᠭᠰᠡᠨ ᠴᠦ ᠶᠠᠰᠤᠯᠢᠭ | ᠡᠳ᠋ ᠨᠢ ᠪᠠᠷᠤᠭ ᠲᠠᠢ ᠳᠤ ᠤᠪᠤᠶᠢᠳᠠᠭ ᠦᠬᠡᠢ᠃ | ᠬᠤᠶᠠᠷ᠂ ᠠᠵᠢᠯ ᠦᠢᠯᠡᠰ᠃ ᠠᠵᠢᠯ ᠦᠢᠯᠡᠰ ᠬᠡᠳᠦ᠋ᠢᠪᠡᠷ ᠬᠦᠮᠦᠨ ᠤ ᠪᠠᠶ᠎ᠠ ᠶᠢᠨ ᠲᠤᠳᠤᠭᠠᠳᠤ ᠶᠢᠨ ᠰᠢᠯᠳᠠᠭᠠᠨ ᠪᠢᠰᠢ ᠪᠤᠯᠪᠠᠴᠦ ᠲᠡᠷᠡ ᠨᠢ ᠲᠤᠳᠤᠭᠠᠳᠤ | ᠰᠢᠯᠳᠠᠭᠠᠨ ᠵᠢᠴᠢ ᠬᠦᠵᠤᠬᠦᠤ ᠰᠡᠬᠡᠷ ᠤᠨ ᠡᠪᠡᠳᠴᠢᠨ ᠢ ᠡᠬᠦᠰᠬᠡᠬᠦ ᠲᠠᠢ ᠨᠢᠭᠳᠠ ᠬᠠᠷᠢᠴᠠᠭ᠎ᠠ ᠲᠠᠢ᠃ ᠵᠢᠱᠢᠶᠡᠯᠡᠪᠡᠯ ᠤᠷᠳᠤ ᠬᠤᠭᠤᠴᠠᠭ᠎ᠠ ᠪᠠᠷ ᠰᠢᠷᠡᠭᠡ ᠡᠯᠢᠬᠡᠳᠡᠨ | ᠠᠵᠢᠯᠯᠠᠳᠠᠭ ᠦᠰᠦᠭ ᠴᠤᠬᠢᠬᠴᠢ᠂ ᠨᠢᠭᠳᠠᠯᠠᠨ ᠪᠤᠳᠤᠭᠴᠢ ᠶᠢᠨ ᠰᠢᠷᠡᠬᠡᠨ ᠤ ᠦᠨᠳᠤᠷ ᠪᠤᠭᠤᠨᠢ ᠨᠢ ᠵᠤᠬᠢᠰ ᠦᠬᠡᠢ ᠪᠤᠯ ᠬᠦᠵᠦᠬᠦᠤ ᠰᠡᠬᠡᠷ ᠤᠨ ᠡᠪᠡᠳᠴᠢᠨ ᠳᠤ | ᠠᠮᠠᠷᠬᠠᠨ ᠨᠠᠷᠪᠡᠭᠳᠡᠳᠡᠭ᠃ ᠲᠠᠮᠨᠠᠬᠤ᠂ ᠡᠷᠬᠦᠬᠦ᠂ ᠰᠢᠳᠠᠬᠦ ᠮᠡᠳᠤ ᠶᠢᠨ ᠬᠦᠨᠳᠤ ᠬᠦᠳᠡᠯᠮᠤᠷᠢ ᠶᠢᠨ ᠠᠵᠢᠯᠴᠢᠳ ᠤᠨ ᠬᠦᠴᠦ ᠵᠠᠷᠤᠬᠤ ᠨᠢ ᠵᠤᠬᠢᠰ ᠦᠬᠡᠢ ᠪᠤᠯᠪᠠᠯ ᠪᠠᠰᠠ | ᠬᠦᠵᠦᠬᠦᠤ ᠰᠡᠬᠡᠷ ᠪᠤᠶᠤ ᠨᠢᠷᠤᠭᠤ ᠶᠠᠰᠤᠨ ᠤ ᠡᠪᠡᠳᠴᠢᠨ ᠳᠤ ᠠᠮᠠᠷᠬᠠᠨ ᠨᠡᠷᠪᠡᠭᠳᠡᠳᠡᠭ ᠶᠤᠮ᠃ | ᠭᠤᠷᠪᠠ᠂ ᠪᠡᠶ᠎ᠡ ᠶᠢᠨ ᠪᠠᠶᠢᠳᠠᠯ᠃ ᠪᠠᠶ᠎ᠠ ᠮᠠᠬᠠᠪᠤᠳ ᠴᠢᠬᠢᠷᠠᠭ ᠪᠤᠯ ᠪᠤᠯᠴᠢᠩ ᠨᠢ ᠬᠦᠴᠦᠳᠠᠢ ᠪᠠᠶᠢᠵᠤ᠂ ᠭᠠᠳᠠᠨᠠᠬᠢ ᠲᠠᠷᠤᠯᠳᠠ ᠪᠠ ᠬᠦᠢᠳᠡᠨ ᠬᠠᠯᠠᠭᠤᠨ ᠢ | ᠬᠦᠯᠢᠴᠡᠬᠦ ᠴᠢᠳᠠᠪᠤᠷᠢ ᠪᠠᠷ ᠴᠢᠩᠭ᠎ᠠ ᠪᠤᠯᠬᠤᠷ ᠠᠮᠠᠷᠬᠠᠨ ᠬᠦᠵᠤᠬᠦᠤ ᠰᠡᠬᠡᠷ ᠤᠨ ᠡᠪᠡᠳᠴᠢᠨ ᠳᠤ ᠨᠡᠷᠪᠡᠭᠳᠡᠬᠦ ᠦᠬᠡᠢ᠃ ᠲᠠᠶᠢᠮᠤ ᠪᠢᠰᠢ ᠪᠤᠯ ᠦᠶ᠎ᠠ ᠬᠡᠰᠢᠬᠦᠤ | ᠠᠮᠠᠷᠬᠠᠨ ᠮᠤᠯᠳᠤᠷᠠᠳᠠᠭ ᠶᠤᠮ᠃ ᠵᠢᠱᠢᠶᠡᠯᠡᠪᠡᠯ ᠪᠠᠶ᠎ᠠ ᠶᠢᠨ ᠪᠠᠶᠢᠳᠠᠯ ᠠᠨᠠᠢ ᠰᠢᠬ ᠪᠠᠶᠢᠳᠠᠭ ᠨᠠᠰᠤᠳᠠᠶᠢᠴᠤᠳ ᠵᠠᠩᠬᠢᠨᠠᠵᠤ ᠰᠡᠷᠢᠬᠦᠳᠡᠭᠰᠡᠨ ᠠᠴᠠ ᠪᠤᠯᠵᠤ ᠬᠦᠵᠦᠬᠦᠤ | ᠰᠡᠬᠡᠷ ᠤᠨ ᠡᠪᠡᠳᠴᠢᠨ ᠳᠤ ᠨᠠᠷᠪᠡᠭᠳᠡᠬᠡᠳ ᠬᠦᠵᠦᠬᠦᠤ ᠰᠡᠬᠡᠷ ᠬᠠᠳᠠᠭᠤᠷᠠᠨ ᠡᠪᠡᠳᠴᠦ᠂ ᠮᠦᠷᠤ ᠲᠠᠯᠤ ᠡᠪᠡᠳᠤᠳᠡᠭ ᠶᠤᠮ᠃ | ᠭᠠᠳᠠᠭᠠᠳᠤ ᠰᠢᠯᠳᠠᠭᠠᠨ ᠳᠤ ᠬᠤᠶᠠᠷ ᠲᠠᠯ᠎ᠠ ᠪᠤᠢ᠃ | ᠨᠢᠬᠡ᠂ ᠲᠤᠯᠤᠭᠠᠢ᠂ ᠬᠦᠵᠦᠬᠦᠤ ᠪᠠ ᠮᠦᠷᠤ ᠶᠢᠨ ᠰᠢᠷᠬᠠᠳᠤᠯ᠃ ᠵᠠᠷᠢᠮ ᠭᠠᠳᠠᠷ ᠰᠢᠷᠬ᠎ᠠ ᠶᠢ ᠬᠦᠮᠦᠰ ᠲᠠᠮᠡᠢ ᠤᠪᠠᠶᠢᠯᠠᠳᠠᠭ ᠦᠬᠡᠢ᠃ ᠵᠢᠱᠢᠶᠡᠯᠡᠪᠡᠯ | ᠲᠠᠷᠬᠡᠨ ᠳᠤ ᠰᠠᠭᠤᠭᠠᠳ ᠲᠤᠭᠬᠢᠵᠤ᠂ ᠲᠡᠷᠬᠡ ᠲᠤᠷᠮᠤᠰᠯᠠᠬᠤ ᠦᠶᠡᠰ ᠲᠤᠯᠤᠭᠠᠢ ᠬᠡᠨᠡᠳᠳᠡ ᠠᠷᠤᠨᠰᠢ ᠬᠡᠳᠡᠶᠢᠬᠦ ᠨᠢ ᠬᠦᠵᠤᠬᠦᠤ ᠰᠡᠬᠡᠷ ᠢ ᠰᠢᠷᠬᠠᠳᠤᠭᠤᠯᠵᠤ ᠮᠡᠳᠡᠨ᠎ᠠ᠃ | ᠨᠢᠯᠬ᠎ᠠ ᠬᠡᠤᠬᠡᠳ ᠤᠨ ᠬᠦᠵᠦᠬᠦᠨ ᠤ ᠪᠤᠯᠴᠢᠩ ᠲᠠᠮᠡᠢ ᠬᠦᠭᠵᠢᠬᠡᠳᠤᠢ ᠪᠤᠯᠬᠤᠷ ᠬᠡᠳᠤ ᠡᠷᠳᠡ ᠲᠠᠪᠡᠷᠢᠵᠤ ᠪᠤᠰᠬᠠᠬᠤ ᠪᠤᠶᠤ ᠲᠡᠪᠡᠷᠢᠬᠦ ᠠᠷᠭ᠎ᠠ ᠬᠡᠯᠪᠡᠷᠢ ᠲᠠᠭᠠᠷᠠᠬᠤ | ᠦᠬᠡᠢ ᠪᠤᠯ ᠪᠠᠰᠠ ᠬᠦᠵᠦᠬᠦᠤ ᠰᠡᠬᠡᠷ ᠢ ᠨᠢ ᠰᠢᠷᠬᠠᠳᠤᠭᠤᠯᠵᠤ ᠮᠡᠳᠡᠳᠡᠭ᠃ | ᠬᠤᠶᠠᠷ᠂ ᠠᠮᠢᠳᠤᠷᠠᠯ ᠤᠨ ᠲᠤᠮᠳᠠᠬᠢ ᠬᠦᠳᠡᠯᠤᠯ ᠪᠠᠶᠢᠳᠠᠯ᠃ ᠤᠳᠤ ᠶᠢᠨ ᠬᠦᠮᠦᠰ ᠠᠵᠢᠯ ᠠᠮᠢᠳᠤᠷᠠᠯ ᠤᠨ ᠲᠤᠮᠳᠠ ᠪᠠᠨ ᠺᠤᠮᠫᠢᠦ᠋ᠲ᠋ᠧᠷ ᠵᠠᠷᠤᠬᠤ ᠳᠠᠭᠠᠨ ᠡᠪ | ᠦᠬᠡᠢ ᠰᠠᠭᠤᠬᠤ᠂ ᠬᠡᠪᠳᠡᠬᠡᠳ ᠨᠤᠮ ᠦᠵᠡᠬᠦ᠂ ᠶᠠᠳᠠᠷᠠᠭᠰᠠᠨ ᠦᠶ᠎ᠠ ᠳᠤ ᠲᠠᠷᠬᠡ ᠪᠠᠷᠢᠬᠤ᠂ ᠱᠠᠹᠠ ᠲᠠᠬᠡᠷ᠎ᠠ ᠪᠠᠨ ᠤᠨᠳᠠᠬᠤ ᠵᠡᠷᠬᠡ ᠨᠢ ᠴᠦᠮ ᠬᠦᠵᠦᠬᠦᠤ ᠰᠡᠬᠡᠷ ᠢ | ᠬᠦᠨᠳᠤ ᠨᠤᠴᠢᠳᠠᠢ ᠨᠦᠯᠦᠬᠡᠯᠡᠳᠡᠭ ᠲᠦᠷᠪᠡᠨ ᠰᠢᠯᠳᠠᠭᠠᠨ ᠪᠤᠯᠵᠤ ᠪᠤᠢ᠃ ᠡᠬᠦᠨ ᠢ ᠤᠯᠠᠩᠬᠢ ᠬᠦᠮᠦᠰ ᠬᠠᠷᠢᠨ ᠲᠠᠮᠡᠢ ᠠᠩᠬᠠᠷᠳᠠᠭ ᠦᠬᠡᠢ ᠶᠤᠮ᠃ ᠠᠮᠢᠳᠤᠷᠠᠯ ᠤᠨ | ᠵᠢᠵᠢᠭ ᠰᠠᠵᠢᠬ ᠵᠦᠢᠯ ᠠᠴᠠ ᠭᠠᠷᠳᠠᠨ ᠬᠦᠵᠦᠬᠦᠤ ᠰᠡᠬᠡᠷ ᠤᠨ ᠡᠪᠡᠳᠴᠢᠨ ᠢ ᠤᠷᠢᠳᠴᠢᠯᠠᠨ ᠰᠡᠷᠬᠡᠶᠢᠯᠡᠬᠦ ᠴᠢᠬᠤᠯᠠᠳᠠᠢ᠃ ᠬᠦᠵᠦᠬᠦᠤ ᠰᠡᠬᠡᠷ ᠤᠨ ᠡᠪᠡᠳᠴᠢᠨ ᠢ | ᠰᠡᠷᠬᠡᠶᠢᠯᠡᠬᠦ ᠳᠤ ᠨᠢᠬᠡ᠂ ᠠᠮᠠᠷᠠᠬᠤ ᠪᠠ ᠠᠵᠢᠯᠯᠠᠬᠤ ᠲᠠᠯ᠎ᠠ ᠶᠢᠨ ᠮᠠᠭᠤ ᠲᠠᠳᠬᠠᠯ ᠢᠶᠠᠨ ᠵᠠᠯᠠᠷᠠᠭᠤᠯᠤᠨ ᠬᠦᠵᠦᠬᠦᠨ ᠤ ᠬᠡᠰᠡᠭ ᠤᠨ ᠶᠠᠳᠠᠷᠠᠭ᠎ᠠ ᠶᠢ ᠪᠠᠭᠠᠰᠬᠠᠵᠤ᠂ | ᠤᠷᠳᠤ ᠬᠤᠭᠤᠴᠠᠭ᠎ᠠ ᠪᠠᠷ ᠲᠧᠯᠸᠢᠰ ᠱᠠᠭᠠᠢᠢᠬᠤ ᠪᠤᠶᠤ ᠤᠷᠳᠤ ᠬᠤᠭᠤᠴᠠᠭ᠎ᠠ ᠪᠠᠷ ᠲᠤᠯᠤᠭᠠᠢ ᠪᠦᠬᠦ᠋ᠢᠨ ᠠᠵᠢᠯᠯᠠᠵᠤ ᠪᠤᠯᠬᠤ ᠦᠬᠡᠢ᠃ ᠠᠵᠢᠯᠯᠠᠬᠤ ᠦᠶ᠎ᠠ ᠳᠡᠭᠡᠨ | ᠤᠷᠳᠤ ᠬᠤᠭᠤᠴᠠᠭ᠎ᠠ ᠪᠠᠷ ᠨᠢᠬᠡᠯᠡ ᠬᠡᠪ ᠢᠶᠠᠷ ᠰᠠᠭᠤᠵᠤ ᠪᠤᠯᠬᠤ ᠦᠬᠡᠢ᠃ ᠤᠷᠳᠤ ᠬᠤᠭᠤᠴᠠᠭ᠎ᠠ ᠪᠠᠷ ᠰᠢᠷᠡᠭᠡ ᠡᠯᠢᠬᠡᠳᠡᠨ ᠠᠵᠢᠯᠯᠠᠬᠤ ᠵᠢᠴᠢ ᠤᠷᠳᠤ | ᠬᠤᠭᠤᠴᠠᠭ᠎ᠠ ᠪᠠᠷ ᠲᠤᠯᠤᠭᠠᠢ ᠪᠦᠬᠦ᠋ᠢᠨ ᠠᠵᠢᠯᠯᠠᠬᠤ ᠨᠢ ᠬᠦᠵᠦᠬᠦᠤ ᠰᠡᠬᠡᠷ ᠤᠨ ᠹᠢᠽᠢᠤᠯᠦᠬᠢ ᠶᠢᠨ ᠮᠤᠷᠦ᠋ᠢᠯᠳᠠ ᠶᠢ ᠡᠪᠳᠡᠵᠤ᠂ ᠬᠦᠵᠦᠬᠦᠤ ᠰᠡᠬᠡᠷ ᠤᠨ | ᠹᠢᠽᠢᠤᠯᠦᠬᠢ ᠶᠢᠨ ᠮᠤᠷᠦ᠋ᠢᠯᠳᠠ ᠬᠡᠳᠡᠷᠬᠦ ᠪᠠᠨ ᠮᠤᠷᠦ᠋ᠢᠵᠤ ᠮᠡᠳᠡᠳᠡᠭ᠃ ᠡᠶᠢᠮᠤ ᠠᠴᠠ ᠠᠵᠢᠯᠯᠠᠬᠤ ᠴᠠᠭ ᠲᠠᠭᠠᠨ ᠴᠦ ᠲᠤᠭᠳᠠᠭᠰᠠᠨ ᠬᠤᠭᠤᠴᠠᠭ᠎ᠠ ᠲᠠᠢ ᠪᠠᠷ | ᠠᠮᠠᠷᠠᠰᠬᠢᠬᠦ ᠶᠢᠨ ᠬᠠᠮᠳᠤ ᠲᠤᠯᠤᠭᠠᠢ ᠪᠠᠨ ᠡᠷᠬᠦᠬᠦ ᠮᠡᠳᠤ ᠪᠠᠷ ᠵᠢᠭᠠᠬᠠᠨ ᠬᠦᠳᠡᠯᠬᠡᠬᠡᠨ ᠬᠢᠪᠡᠯ ᠰᠠᠶᠢᠨ᠃ ᠺᠤᠮᠫᠢᠦ᠋ᠲ᠋ᠧᠷ ᠢᠶᠠᠷ ᠠᠵᠢᠯᠯᠠᠳᠠᠭ ᠬᠦᠮᠦᠰ ᠤᠨ ᠬᠦᠵᠦᠬᠦᠤ | ᠰᠡᠬᠡᠷ ᠨᠢ ᠤᠷᠳᠤ ᠬᠤᠭᠤᠴᠠᠭ᠎ᠠ ᠪᠠᠷ ᠨᠢᠬᠡᠯᠡ ᠪᠠᠶᠢᠳᠠᠯ ᠳᠤ ᠤᠷᠤᠰᠢᠳᠠᠭ ᠪᠤᠯᠬᠤᠷ ᠬᠦᠵᠦᠬᠦᠨ ᠤ ᠪᠤᠯᠴᠢᠩ ᠶᠠᠳᠠᠷᠠᠨ ᠰᠢᠷᠬᠠᠳᠤᠵᠤ ᠮᠡᠳᠡᠬᠦ ᠶᠤᠮ᠃ ᠡᠳᠤᠷ ᠪᠦᠷᠢ | 1 ᠴᠠᠭ ᠠᠵᠢᠯᠯᠠᠪᠠᠯ ᠬᠦᠳᠡᠯᠦᠯ ᠪᠠᠶᠢᠳᠠᠯ ᠢᠶᠠᠨ ᠬᠤᠪᠢᠷᠠᠭᠤᠯᠬᠤ ᠶᠢᠨ ᠬᠠᠮᠳᠤ ᠵᠦᠢ ᠵᠤᠬᠢᠰᠳᠠᠢ ᠪᠠᠷ ᠬᠦᠳᠡᠯᠬᠡᠬᠡᠨ ᠬᠢᠬᠦ ᠪᠠᠷ ᠲᠠᠮᠵᠢᠨ ᠬᠦᠵᠦᠬᠦᠨ ᠤ ᠪᠤᠯᠴᠢᠩ ᠤᠨ | ᠴᠢᠰᠤᠨ ᠤ ᠬᠠᠩᠭᠠᠯᠭ᠎ᠠ ᠶᠢ ᠪᠠᠳᠤᠯᠠᠵᠤ᠂ ᠬᠠᠷᠢᠮᠠᠬᠠᠢ ᠴᠢᠨᠠᠷ ᠢ ᠨᠢ ᠨᠡᠮᠡᠭᠳᠡᠬᠦᠯᠦᠨ ᠬᠡᠳᠤ ᠶᠠᠳᠠᠷᠠᠭᠰᠠᠨ ᠠᠴᠠ ᠪᠤᠯᠵᠤ ᠰᠢᠷᠬᠠᠳᠤᠬᠤ ᠶᠢ ᠰᠡᠷᠬᠡᠶᠢᠯᠡᠬᠦ ᠴᠢᠬᠤᠯᠠᠳᠠᠢ᠃ | ᠬᠤᠶᠠᠷ᠂ ᠤᠨᠳᠠᠬᠤ ᠳᠠᠭᠠᠨ ᠪᠠᠶ᠎ᠠ ᠶᠢᠨ ᠪᠠᠶᠢᠳᠠᠯ ᠢᠶᠠᠨ ᠰᠠᠶᠢᠬᠠᠨ ᠲᠤᠬᠢᠷᠠᠭᠤᠯᠵᠤ᠂ ᠲᠤᠬᠢᠳᠠᠢ ᠲᠡᠷᠡ ᠶᠢ ᠰᠤᠩᠭᠤᠬᠤ ᠬᠡᠷᠡᠭᠳᠠᠢ᠃ ᠤᠨᠳᠠᠬᠤ ᠳᠠᠭᠠᠨ ᠲᠠᠬᠡᠭᠰᠢ | ᠬᠠᠨᠳᠤᠬᠤ ᠬᠡᠯᠪᠡᠷᠢ ᠪᠠᠷ ᠭᠤᠤᠯ ᠪᠤᠯᠭᠠᠨ ᠬᠠᠵᠠᠭᠤᠯᠠᠬᠤ ᠪᠠᠷ ᠲᠠᠳ᠋ ᠪᠤᠯᠭᠠᠪᠠᠯ ᠵᠤᠬᠢᠨ᠎ᠠ᠃ ᠬᠠᠵᠠᠭᠤᠯᠠᠵᠤ ᠬᠡᠪᠳᠡᠬᠦ ᠳᠡᠭᠡᠨ ᠬᠤᠶᠠᠷ ᠬᠦᠯ ᠢᠶᠠᠨ ᠵᠢᠭᠠᠬᠠᠨ | ᠠᠳᠤᠷᠢᠭᠤᠯᠪᠠᠯ ᠰᠠᠶᠢᠨ᠃ ᠡᠯᠢᠬᠡᠳᠡᠨ ᠤᠨᠳᠠᠬᠤ᠂ ᠬᠠᠭᠠᠰ ᠡᠯᠢᠬᠡᠳᠡ ᠤᠨᠳᠠᠬᠤ᠂ ᠲᠠᠬᠡᠷ᠎ᠠ ᠲᠤᠤᠷ᠎ᠠ ᠪᠠᠶ᠎ᠠ ᠴᠦᠮ ᠠᠳᠤᠷᠢᠭᠤᠯᠤᠨ ᠤᠨᠳᠠᠬᠤ ᠵᠡᠷᠬᠡ ᠨᠢ ᠴᠦᠮ | ᠰᠠᠶᠢᠨ ᠤᠨᠳᠠᠯᠭ᠎ᠠ ᠪᠢᠰᠢ᠃ ᠴᠠᠭ ᠲᠠᠷᠤᠢ ᠳᠤᠨᠢ ᠵᠠᠯᠠᠷᠠᠭᠤᠯᠬᠤ ᠬᠡᠷᠡᠭᠳᠠᠢ᠃ ᠤᠨᠳᠠᠬᠤ ᠳᠠᠭᠠᠨ ᠲᠤᠯᠤᠭᠠᠢ ᠪᠠᠨ ᠲᠡᠷᠡ ᠶᠢᠨ ᠢᠶᠠᠨ ᠭᠤᠤᠯ ᠳᠤ ᠲᠠᠯᠪᠢᠵᠤ᠂ ᠭᠠᠷ ᠤᠨ | ᠠᠯᠠᠭ᠎ᠠ ᠶᠢᠨ ᠬᠡᠮᠵᠢᠶ᠎ᠠ ᠲᠠᠢ ᠪᠠᠨ ᠲᠠᠩᠴᠡᠭᠰᠡᠨ ᠦᠨᠳᠤᠷ ᠢᠶᠠᠷ ᠲᠡᠷᠡ ᠰᠤᠩᠭᠤᠪᠠᠯ ᠰᠠᠶᠢᠨ᠃ ᠬᠡᠬᠦ ᠳᠡᠭᠡᠨ ᠬᠡᠳᠤ ᠬᠠᠳᠠᠭᠤ ᠲᠠᠷᠡ ᠶᠢ ᠰᠤᠩᠭᠤᠵᠤ ᠪᠤᠯᠬᠤ ᠦᠬᠡᠢ᠃ | ᠤᠨᠳᠠᠬᠤ ᠦᠶᠡᠰ ᠲᠠᠷᠡ ᠪᠠᠨ ᠡᠮᠡᠬᠡᠯ ᠤᠨ ᠬᠡᠯᠪᠡᠷᠢ ᠲᠠᠢ ᠪᠤᠯᠭᠠᠪᠠᠯ ᠰᠠᠶᠢᠨ᠃ | ᠭᠤᠷᠪᠠ᠂ ᠲᠠᠭᠠᠷᠠᠵᠤ ᠵᠠᠩᠬᠢᠨᠠᠬᠤ ᠠᠴᠠ ᠰᠡᠷᠬᠡᠶᠢᠯᠡᠨ᠎ᠠ᠃ ᠲᠠᠭᠠᠷᠠᠵᠤ ᠵᠠᠩᠬᠢᠨᠠᠪᠠᠯ ᠪᠤᠯᠴᠢᠩ ᠤᠨ ᠰᠤᠨᠤᠯᠳᠠ ᠲᠠᠬᠡᠭᠰᠢᠯᠡᠵᠤ᠂ ᠬᠠᠷᠢᠮᠠᠬᠠᠢ ᠴᠢᠨᠠᠷ ᠢᠶᠠᠨ ᠠᠯᠳᠠᠬᠤ | ᠪᠤᠯᠬᠤᠷ ᠠᠮᠠᠷᠬᠠᠨ ᠰᠢᠷᠬᠠᠳᠤᠳᠠᠭ᠃ ᠡᠨᠡ ᠨᠢ ᠪᠠᠰᠠ ᠬᠦᠵᠤᠬᠦᠤ ᠰᠡᠬᠡᠷ ᠤᠨ ᠲᠠᠷᠤᠯᠳᠠ ᠶᠢᠨ ᠬᠦᠴᠦ ᠶᠢ ᠨᠡᠮᠡᠭᠳᠡᠬᠦᠯᠦᠨ ᠮᠡᠳᠡᠷᠡᠯ ᠤᠨ ᠤᠭ ᠤᠨ ᠲᠠᠷᠤᠯᠳᠠ ᠶᠢ | ᠨᠡᠮᠡᠭᠳᠡᠬᠦᠯᠳᠡᠭ᠃ ᠲᠠᠭᠠᠷᠠᠵᠤ ᠵᠠᠩᠬᠢᠨᠠᠪᠠᠯ ᠮᠡᠳᠡᠷᠡᠯ ᠤᠨ ᠤᠭ ᠤᠨ ᠡᠷᠬᠢᠨ ᠲᠤᠭᠤᠷᠢᠨ ᠳᠠᠬᠢ ᠦᠷᠪᠢᠰᠤᠯ ᠢ ᠠᠬᠠᠳᠠᠭᠤᠯᠵᠤ ᠮᠡᠳᠡᠨ᠎ᠠ᠃ | ᠲᠦᠷᠪᠡ᠂ ᠡᠪᠡᠳᠴᠢᠨ ᠤ ᠪᠠᠶᠢᠳᠠᠯ ᠬᠦᠩᠬᠡᠨ ᠪᠤᠯ ᠡᠮᠴᠢ ᠶᠢᠨ ᠵᠢᠯᠦᠭᠤᠳᠤᠯᠭ᠎ᠠ ᠪᠠᠷ ᠤᠷᠤ ᠲᠠᠬᠡᠷ᠎ᠠ ᠪᠠᠨ ᠬᠡᠪᠳᠡᠬᠡᠳ ᠠᠮᠠᠷᠠᠬᠤ᠂ ᠬᠦᠵᠦᠬᠦᠤ ᠪᠠᠨ ᠤᠷᠢᠶᠠᠨ | ᠠᠯᠢ ᠴᠢᠳᠠᠬᠤ ᠪᠠᠷ ᠬᠦᠳᠡᠯᠬᠡᠬᠦ ᠦᠬᠡᠢ ᠪᠠᠶᠢᠬᠤ᠂ ᠦᠷᠪᠢᠰᠤᠯ ᠢ ᠨᠠᠮᠳᠠᠭᠠᠬᠤ ᠡᠮ ᠤᠤᠭᠤᠬᠤ ᠪᠤᠶᠤ ᠴᠢᠰᠤ ᠬᠦᠶᠦᠯᠬᠡᠨ ᠬᠠᠪᠤᠳᠠᠷ ᠢ ᠠᠷᠢᠯᠭᠠᠬᠤ ᠡᠪᠡᠰᠤᠨ ᠡᠮ | ᠤᠤᠭᠤᠬᠤ᠂ ᠹᠢᠽᠢᠺ ᠤᠨ ᠵᠠᠰᠠᠯᠳᠠ ᠬᠢᠬᠦ ᠵᠡᠷᠬᠡ ᠪᠠᠷ ᠡᠮᠨᠡᠵᠤ ᠪᠤᠯᠳᠠᠭ᠃ ᠬᠦᠵᠦᠬᠦᠤ ᠰᠡᠬᠡᠷ ᠢᠶᠠᠨ ᠰᠤᠩᠭᠠᠬᠤ ᠶᠢ ᠬᠡᠷ ᠲᠡᠭᠡᠨ ᠬᠢᠵᠤ ᠪᠤᠯᠤᠨ᠎ᠠ᠃ ᠬᠡᠬᠦ ᠳᠡᠭᠡᠨ | ᠡᠮᠴᠢ ᠠᠴᠠ ᠠᠷᠭ᠎ᠠ ᠤᠬᠠᠭᠠᠨ ᠪᠠ ᠰᠤᠩᠭᠠᠬᠤ ᠬᠦᠴᠦᠯᠡᠴᠡ ᠬᠤᠭᠤᠴᠠᠭ᠎ᠠ ᠶᠢ ᠨᠢᠮᠪᠠᠢ ᠠᠰᠠᠭᠤᠬᠤ ᠴᠢᠬᠤᠯᠠᠳᠠᠢ᠃ ᠬᠡᠷᠪᠡ ᠬᠦᠵᠦᠬᠦᠤ ᠰᠡᠬᠡᠷ ᠤᠨ ᠡᠪᠡᠳᠴᠢᠨ | ᠨᠡᠯᠢᠶᠡᠳ ᠬᠦᠨᠳᠦᠷᠡᠭᠰᠡᠨ ᠪᠤᠯ ᠲᠡᠬᠡᠳᠤ ᠮᠦᠴᠡ ᠬᠦᠴᠦᠳᠠᠢ ᠡᠪᠡᠳᠴᠦ ᠮᠢᠨᠴᠦᠬᠦᠷᠡᠬᠦ ᠪᠤᠶᠤ ᠲᠦᠷᠪᠡᠨ ᠮᠦᠴᠡ ᠬᠦᠴᠦ ᠠᠯᠳᠠᠵᠤ᠂ ᠵᠠᠮ ᠶᠠᠪᠤᠬᠤ ᠳᠠᠭᠠᠨ | ᠲᠤᠭᠳᠠᠪᠤᠷᠢ ᠠᠯᠳᠠᠬᠤ ᠪᠤᠯᠤᠨ᠎ᠠ᠃ ᠡᠨᠡ ᠦᠶᠡᠰ ᠮᠠᠰᠠ ᠵᠠᠰᠠᠯ ᠬᠢᠯᠬᠡᠬᠦ ᠴᠢᠬᠤᠯᠠᠳᠠᠢ᠃ | ᠲᠠᠪᠤ᠂ ᠬᠦᠵᠦᠬᠦᠤ ᠰᠡᠬᠡᠷ ᠤᠨ ᠰᠤᠩᠭᠠᠯᠳᠠ ᠶᠢ ᠪᠤᠯᠭᠤᠮᠵᠢᠳᠠᠢ ᠬᠢᠬᠦ ᠬᠡᠷᠡᠭᠳᠠᠢ᠃ ᠬᠦᠵᠦᠬᠦᠤ ᠰᠡᠬᠡᠷ ᠢ ᠰᠤᠩᠭᠠᠬᠤ ᠪᠤᠯ ᠤᠳᠤᠬᠠᠨ ᠤ ᠬᠦᠵᠦᠬᠦᠤ ᠰᠡᠬᠡᠷ ᠤᠨ | ᠡᠪᠡᠳᠴᠢᠨ ᠢ ᠵᠠᠰᠠᠬᠤ ᠨᠡᠯᠢᠶᠡᠳ ᠪᠦᠳᠦᠮᠵᠢᠳᠠᠢ ᠠᠷᠭ᠎ᠠ ᠪᠠᠷᠢᠯ ᠤᠨ ᠨᠢᠬᠡ ᠪᠤᠯᠪᠠᠴᠦ ᠪᠤᠯᠭᠤᠮᠵᠢᠯᠠᠬᠤ ᠦᠬᠡᠢ ᠪᠤᠯ ᠬᠦᠵᠦᠬᠦᠤ ᠰᠡᠬᠡᠷ ᠳᠤ ᠡᠪᠡᠳᠴᠢᠨ ᠤ ᠬᠤᠪᠢᠷᠠᠯᠳᠠ | ᠡᠬᠦᠰᠴᠦ᠂ ᠬᠦᠵᠦᠬᠦᠤ ᠰᠡᠬᠡᠷ ᠤᠨ ᠲᠤᠯᠭᠠᠭᠤᠷᠢᠯᠠᠬᠤ ᠦᠢᠯᠡᠳᠤᠯ ᠮᠠᠭᠤᠳᠠᠵᠤ ᠮᠡᠳᠡᠨ᠎ᠠ᠃ ᠵᠢᠷᠭᠤᠭ᠎ᠠ᠂ ᠪᠠᠶ᠎ᠠ ᠶᠢᠨ ᠪᠤᠯᠪᠠᠰᠤᠷᠠᠯᠳᠠ ᠪᠠᠨ ᠴᠢᠩᠭᠠᠳᠬᠠᠨ | ᠬᠦᠵᠦᠬᠦᠨ ᠤ ᠪᠤᠯᠴᠢᠩ ᠢᠶᠠᠨ ᠴᠢᠩᠭᠠᠷᠠᠭᠤᠯᠬᠤ ᠴᠢᠬᠤᠯᠠᠳᠠᠢ᠃ ᠡᠳᠤᠷ ᠪᠦᠷᠢ ᠠᠵᠢᠯ ᠤᠨ ᠴᠢᠯᠦᠬᠡ ᠵᠠᠪ ᠲᠠᠭᠠᠨ ᠬᠦᠵᠦᠬᠦᠤ ᠰᠡᠬᠡᠷ ᠤᠨ ᠲᠠᠮᠢᠷ ᠢ ᠬᠢᠵᠤ᠂ | ᠬᠦᠵᠦᠬᠦᠤ ᠰᠡᠬᠡᠷ ᠢᠶᠠᠨ ᠬᠠᠮᠠᠭᠠᠯᠠᠵᠤ ᠪᠤᠯᠤᠨ᠎ᠠ᠃ | |