ᠬᠤᠷᠠᠭ᠎ᠠ ᠢᠰᠢᠭᠡ ᠶᠢᠨ ᠰᠢᠩᠭᠡᠭᠡᠯᠳᠡ ᠮᠠᠭᠤᠳᠠᠬᠤ ᠠᠴᠠ ᠰᠡᠷᠭᠡᠶᠢᠯᠡᠬᠦ ᠠᠷᠭ᠎ᠠ
ᠨᠡᠶᠢᠲᠡᠯᠡᠭᠰᠡᠨ ᠴᠠᠭ᠄
2021/10/12
                        ᠬᠤᠷᠠᠭ᠎ᠠ ᠢᠰᠢᠭᠡ ᠶᠢᠨ ᠰᠢᠩᠭᠡᠭᠡᠯᠳᠡ ᠮᠠᠭᠤᠳᠠᠬᠤ ᠨᠢ ᠬᠦᠬᠦᠬᠦᠯ ᠤᠨ ᠬᠤᠭᠤᠴᠠᠭᠠᠨ ᠤ ᠬᠤᠷᠠᠭ᠎ᠠ ᠳᠤ ᠦᠷᠭᠦᠯᠵᠢ ᠲᠤᠬᠢᠶᠠᠯᠳᠤᠳᠠᠭ ᠭᠡᠮ ᠪᠠᠶᠢᠵᠦ᠂ ᠭᠤᠤᠯᠳᠠᠭᠤ ᠬᠤᠷᠠᠭᠠᠨ ᠤ ᠬᠤᠳᠤᠭᠤᠳᠤ ᠭᠡᠳᠡᠰᠦᠨ ᠤ ᠠᠵᠢᠯᠯᠠᠭ᠎ᠠ ᠰᠠᠮᠠᠭᠤᠷᠠᠭᠰᠠᠨ ᠠᠴᠠ ᠪᠤᠯᠵᠠᠢ᠂ ᠡᠮᠴᠢᠯᠡᠭᠡᠨ ᠤ ᠢᠯᠡᠷᠡᠯ ᠨᠢ ᠰᠢᠩᠭᠡᠭᠡᠯᠳᠡ ᠶᠢᠨ ᠰᠤᠯᠢᠯᠴᠠᠭ᠎ᠠ ᠶᠢᠨ ᠬᠠᠷᠰᠢ᠂ ᠪᠡᠶ᠎ᠠ ᠲᠤᠷᠠᠬᠤ ᠬᠢᠭᠡᠳ ᠠᠳᠠᠯᠢ ᠪᠤᠰᠤ ᠭᠡᠮᠵᠢᠶ᠎ᠠ ᠪᠠᠷ ᠪᠠᠭᠠᠰᠤ ᠠᠯᠳᠠᠬᠤ ᠵᠡᠷᠭᠡ ᠪᠤᠯᠤᠨ᠎ᠠ᠃ ᠭᠡᠮ ᠤᠨ ᠶᠠᠪᠤᠴᠠ ᠪᠠ ᠬᠦᠨᠳᠦ ᠶᠢ ᠦᠨᠳᠦᠰᠦᠯᠡᠵᠦ᠂ ᠦᠷᠦᠭᠡᠰᠦᠭᠡᠯ ᠴᠢᠨᠠᠷᠳᠠᠢ ᠰᠢᠩᠭᠡᠭᠡᠯᠳᠡ ᠮᠠᠭᠤᠳᠠᠬᠤ ᠪᠠ ᠬᠤᠤᠷᠠᠳᠠᠯᠭ᠎ᠠ ᠶᠢᠨ ᠴᠢᠨᠠᠷᠳᠠᠢ ᠰᠢᠩᠭᠡᠭᠡᠯᠳᠡ ᠮᠠᠭᠤᠳᠠᠬᠤ ᠭᠡᠵᠦ ᠬᠤᠪᠢᠶᠠᠨ᠎ᠠ᠂ ᠡᠮᠦᠨᠡᠭᠢ ᠭᠡᠮ ᠤᠨ ᠰᠢᠯᠳᠠᠭᠠᠨ ᠢ ᠴᠠᠭ ᠲᠤᠬᠠᠢ ᠳᠤᠨᠢ ᠦᠭᠡᠶᠢᠰᠭᠡᠬᠦ ᠦᠭᠡᠢ ᠪᠤᠯ ᠦᠷᠭᠦᠯᠵᠢ ᠬᠤᠤᠷᠠᠳᠠᠯᠭ᠎ᠠ ᠶᠢᠨ ᠴᠢᠨᠠᠷᠳᠠᠢ ᠪᠤᠯᠵᠦ ᠬᠤᠪᠢᠷᠠᠭᠠᠳ ᠬᠤᠷᠠᠭ᠎ᠠ ᠢᠰᠢᠭᠡ ᠦᠬᠦᠵᠦ ᠮᠡᠳᠡᠨ᠎ᠠ᠃    ᠭᠡᠮᠨᠡᠬᠦ ᠰᠢᠯᠳᠠᠭᠠᠨ    ︵1︶ ᠡᠭᠡ ᠬᠤᠨᠢ ᠢᠮᠠᠭ᠎ᠠ ᠶᠢᠨ ᠭᠡᠭᠡᠯ ᠤᠨ ᠬᠤᠭᠤᠴᠠᠭᠠᠨ ᠳᠠᠬᠢ ᠠᠷᠠᠴᠢᠯᠠᠭ᠎ᠠ ᠬᠠᠮᠢᠶᠠᠷᠤᠯᠳᠠ ᠨᠢ ᠪᠦᠳᠦᠭᠦᠯᠢᠭ᠂ ᠤᠨᠴᠠᠭᠠᠢᠢᠯᠠᠨ ᠭᠡᠭᠡᠯ ᠤᠨ ᠰᠡᠭᠦᠯᠴᠢ ᠶᠢᠨ ᠬᠤᠭᠤᠴᠠᠭᠠᠨ ᠤ ᠪᠤᠷᠳᠤᠭᠠᠨ ᠳᠤ ᠰᠢᠮ᠎ᠠ ᠲᠡᠵᠢᠭᠡᠯ ᠬᠦᠷᠦᠯᠴᠡᠭᠰᠡᠨ ᠦᠭᠡᠢ᠂ ᠤᠭᠤᠷᠠᠭ᠂ ᠡᠷᠦᠳᠡᠰᠦ ᠪᠤᠳᠠᠰ ᠪᠠ ᠸᠢᠲ᠋ᠠᠮᠢᠨ ᠵᠡᠷᠭᠡ ᠲᠤᠳᠠᠭᠳᠠᠭᠰᠠᠨ ᠠᠴᠠ ᠬᠦᠪᠤᠷᠡᠯ ᠤᠨ ᠦᠰᠦᠯᠳᠡ ᠪᠤᠶᠢᠵᠢᠯᠳᠠ ᠪᠠ ᠰᠦ ᠶᠢᠨ ᠴᠢᠨᠠᠷ ᠢ ᠰᠢᠭᠤᠳ ᠨᠦᠯᠦᠭᠡᠯᠡᠭᠡᠳ ᠲᠦᠯ ᠤᠨ ᠰᠢᠩᠭᠡᠭᠡᠯᠳᠡ ᠶᠢᠨ ᠠᠵᠢᠯᠯᠠᠭ᠎ᠠ ᠶᠢ ᠲᠦᠷᠦᠯᠬᠢ ᠶᠢᠨ ᠴᠢᠨᠠᠷᠳᠠᠢ ᠮᠠᠭᠤ ᠪᠤᠯᠭᠠᠪᠠ᠃    ︵2︶ ᠡᠮ᠎ᠠ ᠬᠤᠨᠢ ᠢᠮᠠᠭ᠎ᠠ ᠶᠢᠨ ᠰᠦ ᠶᠢᠨ ᠴᠢᠨᠠᠷ ᠮᠠᠭᠤ ᠪᠤᠶᠤ ᠰᠦ ᠨᠢ ᠭᠡᠳᠦ ᠦᠳᠭᠡᠨ ᠪᠠᠶᠢᠬᠤ᠃   ︵3︶ ᠬᠤᠷᠠᠭ᠎ᠠ ᠢᠰᠢᠭᠡ ᠨᠢ ᠤᠭᠤᠷᠠᠭ ᠰᠦ ᠪᠠᠨ ᠡᠷᠳᠡ ᠤᠯᠵᠦ ᠬᠦᠬᠦᠭᠰᠡᠨ ᠦᠭᠡᠢ ᠪᠤᠶᠤ ᠤᠭᠤᠷᠠᠭ ᠰᠦ ᠨᠢ ᠬᠦᠷᠦᠯᠴᠡᠭᠰᠡᠨ ᠦᠭᠡᠢ᠃   ︵4︶ ᠬᠦᠮᠦᠨ ᠤ ᠬᠦᠴᠦ ᠪᠠᠷ ᠬᠤᠷᠠᠭ᠎ᠠ ᠢᠰᠢᠭᠡ ᠶᠢ ᠤᠭᠵᠢᠬᠤ ᠳᠤ ᠴᠠᠭ᠂ ᠭᠡᠮᠵᠢᠶ᠎ᠠ᠂ ᠲᠤᠯᠠᠭᠠᠨ ᠨᠢ ᠲᠤᠭᠳᠠᠮᠠᠯ ᠪᠢᠰᠢ᠂ ᠭᠡᠳᠦᠷᠭᠡᠢ ᠦᠯᠦᠰᠬᠦ ᠪᠠ ᠴᠠᠳᠬᠤ ᠂ ᠰᠦ ᠨᠢ ᠭᠡᠳᠦ ᠬᠦᠢᠳᠡᠨ ᠡᠰᠡᠭᠦᠯ᠎ᠠ ᠭᠡᠳᠦ ᠬᠠᠯᠠᠭᠤᠨ᠂ ᠰᠦ ᠨᠢ ᠡᠪᠳᠡᠷᠡᠭᠰᠡᠨ ᠵᠡᠷᠭᠡ᠃   ︵5︶ ᠬᠠᠰᠢᠶ᠎ᠠ ᠬᠤᠷᠤᠭ᠎ᠠ ᠨᠢ ᠴᠢᠬᠢᠭᠳᠡᠢ᠂ ᠠᠷᠢᠭᠤᠨ ᠴᠡᠪᠡᠷ ᠪᠢᠰᠢ ᠵᠡᠷᠭᠡ ᠠᠴᠠ ᠪᠤᠯᠵᠦ ᠲᠠᠭᠠᠷᠠᠵᠦ ᠲᠠᠭᠰᠢᠭᠤᠷ ᠬᠦᠷᠬᠦ᠃  ︵6︶ ᠬᠤᠤᠷᠠᠳᠠᠯᠭ᠎ᠠ ᠶᠢᠨ ᠴᠢᠨᠠᠷᠳᠠᠢ ᠰᠢᠩᠭᠡᠭᠡᠯᠳᠡ ᠮᠠᠭᠤᠳᠠᠬᠤ ᠶᠢᠨ ᠤᠯᠠᠩᠬᠢ ᠰᠢᠯᠳᠠᠭᠠᠨ ᠨᠢ ᠦᠷᠦᠭᠡᠰᠦᠭᠡᠯ ᠴᠢᠨᠠᠷᠳᠠᠢ ᠰᠢᠩᠭᠡᠭᠡᠯᠳᠡ ᠮᠠᠭᠤᠳᠠᠭᠰᠠᠨ ᠢ ᠴᠠᠭ ᠲᠤᠬᠠᠢ ᠳᠤᠨᠢ ᠵᠠᠰᠠᠭᠰᠠᠨ ᠦᠭᠡᠢ ᠠᠴᠠ ᠬᠤᠳᠤᠭᠤᠳᠤ ᠭᠡᠳᠡᠰᠦᠨ ᠲᠤᠳᠤᠷᠠᠬᠢ ᠪᠤᠳᠠᠰ ᠨᠢ ᠢᠰᠦᠯᠳᠦᠵᠦ᠂ ᠢᠯᠵᠢᠷᠠᠵᠦ ᠵᠠᠳᠠᠷᠠᠭᠰᠠᠨ ᠪᠤᠳᠠᠰ ᠢ ᠲᠠᠬᠢᠨ ᠰᠢᠩᠭᠡᠭᠡᠭᠰᠡᠨ ᠠᠴᠠ ᠪᠤᠯᠵᠦ ᠲᠦᠷᠭᠡᠨ ᠴᠢᠨᠠᠷᠳᠠᠢ ᠪᠤᠶᠤ ᠤᠳᠠᠭᠠᠨ ᠴᠢᠨᠠᠷᠳᠠᠢ ᠬᠤᠤᠷᠠᠳᠠᠭᠳᠠᠨ᠎ᠠ᠃    ᠭᠡᠮ ᠤᠨ ᠢᠯᠡᠷᠡᠯ    ᠦᠷᠦᠭᠡᠰᠦᠭᠡᠯ ᠴᠢᠨᠠᠷᠳᠠᠢ ᠰᠢᠩᠭᠡᠭᠡᠯᠳᠡ ᠮᠠᠭᠤᠳᠠᠬᠤ   ᠭᠡᠮ ᠤᠨ ᠡᠬᠢᠨ ᠤ ᠬᠤᠭᠤᠴᠠᠭᠠᠨ ᠳᠤ ᠢᠳᠡᠭᠡᠨ ᠤ ᠲᠤᠷᠠᠰᠢᠯ ᠨᠢ ᠮᠠᠭᠤᠳᠠᠬᠤ ᠪᠤᠶᠤ ᠢᠳᠡᠬᠦ ᠪᠠᠨ ᠵᠤᠭᠰᠤᠵᠦ᠂ ᠦᠰᠦ ᠨᠤᠤᠰᠤ ᠨᠢ ᠦᠷᠪᠤᠶᠢᠵᠦ᠂ ᠭᠡᠪᠳᠡᠬᠦ ᠲᠤᠷᠠᠳᠠᠢ ᠪᠤᠯᠤᠨ᠎ᠠ᠃ ᠰᠠᠯᠢᠰᠤᠳᠤ ᠪᠦᠷᠭᠦᠪᠴᠢ ᠨᠢ ᠵᠢᠭᠠᠬᠠᠨ ᠪᠤᠷᠤᠯᠠᠵᠦ ᠬᠠᠷᠠᠭᠳᠠᠨ ᠭᠡᠮᠨᠡᠭᠰᠡᠨ ᠬᠤᠷᠠᠭ᠎ᠠ ᠢᠰᠢᠭᠡ ᠴᠤᠭ ᠰᠦᠯᠳᠡ ᠦᠭᠡᠢ ᠪᠤᠯᠤᠨ᠎ᠠ᠃ ᠵᠠᠯᠭᠠᠭᠠᠳ ᠵᠤᠳᠠᠩ ᠰᠢᠩᠭᠡᠨ ᠪᠤᠶᠤ ᠤᠰᠤᠷᠬᠠᠭ ᠰᠢᠩᠭᠡᠨ ᠢᠶᠠᠷ ᠪᠠᠭᠠᠵᠦ᠂ ᠡᠳᠦᠷ ᠤᠨ ᠠᠷᠪᠠ ᠭᠠᠷᠤᠢ ᠤᠳᠠᠭ᠎ᠠ ᠪᠠᠭᠠᠬᠤ ᠪᠤᠯᠤᠨ᠎ᠠ᠃ ᠵᠠᠷᠢᠮ ᠳᠠᠭᠠᠨ ᠰᠦᠰᠦᠨ ᠤ ᠤᠯᠠᠭᠠᠨ ᠡᠳ᠋ ᠨᠢ ᠬᠦᠴᠢᠯᠯᠢᠭ ᠪᠠᠭᠠᠰᠤᠨ ᠲᠤᠳᠤᠷ᠎ᠠ ᠰᠦᠰᠦᠨ ᠤ ᠨᠤᠭᠤᠭᠠᠨ ᠡᠳ᠋ ᠪᠤᠯᠵᠦ ᠬᠤᠪᠢᠷᠠᠭᠠᠳ᠂ ᠨᠤᠭᠤᠭᠠᠨ ᠦᠩᠭᠡ ᠶᠢᠨ ᠪᠠᠭᠠᠰᠤ ᠬᠠᠷᠠᠭᠳᠠᠨ᠎ᠠ᠃ ᠢᠯᠵᠢᠷᠡᠬᠦ ᠶᠠᠪᠤᠴᠠ ᠨᠢ ᠲᠡᠶᠢᠯᠦᠩᠭᠢ ᠪᠠᠶᠢᠷᠢᠨ ᠳᠤ ᠪᠠᠶᠢᠬᠤ ᠦᠶᠡᠰ ᠪᠠᠭᠠᠰᠤᠨ ᠤ ᠱᠦᠯᠳᠦᠯᠢᠭ ᠴᠢᠨᠠᠷ ᠨᠢ ᠨᠡᠮᠡᠭᠳᠡᠭᠡᠳ ᠦᠮᠡᠭᠡᠢ ᠦᠨᠦᠷ ᠲᠠᠢ ᠪᠤᠯᠳᠠᠭ᠃ ᠤᠯᠠᠨᠳᠠ ᠪᠠᠭᠠᠭᠰᠠᠨ ᠠᠴᠠ ᠪᠤᠯᠵᠦ ᠶᠡᠭᠡ ᠭᠡᠮᠵᠢᠶ᠎ᠠ ᠪᠠᠷ ᠤᠰᠤ ᠠᠯᠳᠠᠨ ᠰᠢᠮ᠎ᠠ ᠲᠡᠵᠢᠭᠡᠯᠳᠦ ᠪᠤᠳᠠᠰ ᠨᠢ ᠰᠢᠩᠭᠡᠭᠡᠭᠳᠡᠭᠰᠡᠨ ᠦᠭᠡᠢ ᠪᠠᠷ ᠭᠠᠳᠠᠭᠰᠢᠯᠠᠭᠰᠠᠨ ᠠᠴᠠ ᠪᠤᠯᠵᠦ ᠬᠤᠷᠠᠭ᠎ᠠ ᠢᠰᠢᠭᠡ ᠶᠢᠨ ᠪᠡᠶ᠎ᠠ ᠮᠡᠳᠡᠭᠳᠡᠮ᠎ᠠ ᠮᠠᠭᠤᠳᠠᠵᠦ᠂ ᠲᠡᠷᠡᠴᠢᠯᠡᠨ ᠤᠰᠤ ᠠᠯᠳᠠᠬᠤ ᠦᠵᠡᠭᠳᠡᠯ ᠢᠯᠡᠷᠡᠨ᠎ᠠ᠃ ᠲᠤᠰ ᠭᠡᠮ ᠨᠢ ᠬᠤᠳᠤᠭᠤᠳᠤ ᠭᠡᠳᠡᠰᠦᠨ ᠤ ᠦᠷᠪᠢᠰᠦᠯ ᠪᠤᠯᠵᠦ ᠬᠤᠪᠢᠷᠠᠪᠠᠯ ᠭᠡᠮ ᠤᠨ ᠪᠠᠶᠢᠳᠠᠯ ᠢ ᠬᠦᠨᠳᠦᠷᠡᠭᠦᠯᠵᠦ᠂ ᠪᠡᠶ᠎ᠠ ᠶᠢᠨ ᠬᠠᠯᠠᠭᠤᠨ ᠨᠢ ᠲᠡᠭᠡᠭᠰᠢᠯᠡᠭᠡᠳ 40 — 41 ᠼᠧᠯᠰ ᠭᠷᠠᠳᠦ᠋ᠰ ᠪᠤᠯᠤᠨ᠎ᠠ᠃    ᠬᠤᠤᠷᠠᠳᠠᠯᠭ᠎ᠠ ᠶᠢᠨ ᠴᠢᠨᠠᠷᠳᠠᠢ ᠰᠢᠩᠭᠡᠭᠡᠯᠳᠡ ᠮᠠᠭᠤᠳᠠᠬᠤ    ᠭᠡᠮᠨᠡᠭᠰᠡᠨ ᠬᠤᠷᠠᠭ᠎ᠠ ᠢᠰᠢᠭᠡ ᠨᠢ ᠴᠤᠭ ᠰᠦᠯᠳᠡ ᠦᠭᠡᠢ ᠪᠤᠯᠵᠦ᠂ ᠨᠢᠳᠦ ᠨᠢ ᠴᠤᠭ ᠦᠭᠡᠢ᠂ ᠢᠳᠡᠭᠡᠨ ᠤ ᠲᠤᠷᠠᠰᠢᠯ ᠨᠢ ᠮᠠᠭᠤᠳᠠᠬᠤ ᠪᠤᠶᠤ ᠢᠳᠡᠬᠦ ᠪᠠᠨ ᠵᠤᠭᠰᠤᠵᠦ᠂ ᠦᠰᠦ ᠨᠤᠤᠰᠤ ᠨᠢ ᠦᠷᠪᠤᠶᠢᠵᠦ᠂ ᠠᠷᠠᠰᠤ ᠨᠢ ᠬᠠᠷᠢᠮᠬᠠᠢ ᠴᠢᠨᠠᠷ ᠦᠭᠡᠢ ᠪᠤᠯᠵᠦ᠂ ᠰᠡᠯᠢᠰᠦᠳᠦ ᠪᠦᠷᠬᠦᠪᠴᠢ ᠨᠢ ᠴᠠᠶᠢᠪᠤᠷ ᠪᠦᠭᠡᠳ ᠬᠦᠢᠭᠡᠨ ᠰᠢᠷ᠎ᠠ ᠬᠠᠷᠠᠭᠳᠠᠨ᠎ᠠ᠃ ᠭᠡᠮᠨᠡᠭᠰᠡᠨ ᠬᠤᠷᠠᠭ᠎ᠠ ᠢᠰᠢᠭᠡ ᠨᠢ ᠭᠡᠪᠳᠡᠬᠦ ᠲᠤᠷᠠᠳᠠᠢ ᠪᠤᠯᠵᠦ᠂ ᠬᠠᠮᠠᠷ ᠤᠨ ᠲᠤᠯᠢ ᠪᠠ ᠲᠦᠷᠪᠡᠨ ᠮᠦᠴᠢ ᠨᠢ ᠬᠦᠢᠳᠡᠨ᠂ ᠤᠷᠴᠢᠨ ᠲᠤᠭᠤᠷᠢᠨ ᠤ ᠬᠤᠪᠢᠷᠠᠯᠳᠠ ᠳᠤ ᠲᠤᠰᠬᠠᠯ ᠨᠢ ᠤᠳᠠᠭᠠᠨ ᠪᠤᠯᠵᠦ᠂ ᠵᠠᠷᠢᠮ ᠳᠠᠭᠠᠨ ᠪᠠᠰᠠ ᠲᠠᠳᠠᠪᠠᠯᠵᠠᠬᠤ ᠦᠵᠡᠭᠳᠡᠯ ᠭᠠᠷᠤᠨ᠎ᠠ᠃ ᠭᠡᠮ ᠤᠨ ᠰᠡᠭᠦᠯᠴᠢ ᠶᠢᠨ ᠬᠤᠭᠤᠴᠠᠭᠠᠨ ᠳᠤ ᠬᠦᠩᠭᠡᠨ ᠲᠠᠮᠪᠠᠷᠠᠬᠤ ᠪᠤᠶᠤ ᠪᠦᠷᠢᠮᠦᠰᠦᠨ ᠲᠠᠮᠪᠠᠷᠠᠵᠦ ᠮᠡᠳᠡᠨ᠎ᠠ᠃ ᠡᠬᠢᠨ ᠤ ᠬᠤᠭᠤᠴᠠᠭᠠᠨ ᠳᠤ ᠪᠡᠶ᠎ᠠ ᠶᠢᠨ ᠲᠤᠯᠠᠭᠠᠨ ᠨᠢ ᠭᠡᠪ ᠤᠨ ᠪᠤᠶᠤ ᠵᠢᠭᠠᠬᠠᠨ ᠦᠨᠳᠦᠷ ᠪᠠᠶᠢᠵᠦ᠂ ᠬᠤᠳᠤᠭᠤᠳᠤ ᠭᠡᠳᠡᠰᠦᠨ ᠤ ᠦᠷᠪᠢᠰᠦᠯ ᠪᠤᠯᠪᠠᠯ ᠦᠨᠳᠦᠷᠵᠢᠭᠡᠳ 40.5 — 41 ᠼᠧᠯᠰ ᠭᠷᠠᠳᠦ᠋ᠰ ᠪᠤᠯᠵᠦ᠂ ᠵᠢᠷᠦᠭᠡᠨ ᠲᠠᠮᠢᠷ ᠨᠢ ᠮᠠᠭᠤᠳᠠᠵᠦ᠂ ᠰᠤᠳᠠᠯ ᠤᠨ ᠯᠤᠭᠰᠢᠯᠳᠠ ᠨᠢ ᠰᠤᠯᠠ ᠲᠤᠷᠤᠢ ᠪᠤᠯᠵᠦ᠂ ᠠᠮᠢᠰᠬᠤᠭ᠎ᠠ ᠨᠢ ᠲᠠᠪᠬᠤᠴᠠᠵᠦ ᠲᠦᠷᠭᠡᠰᠦᠨ᠎ᠠ᠃ ᠪᠠᠭᠠᠰᠤ ᠠᠯᠳᠠᠬᠤ ᠨᠢ ᠠᠬᠠᠳᠠᠪᠠᠯ ᠪᠠᠭᠠᠰᠤ ᠨᠢ ᠤᠰᠤ ᠰᠢᠬ ᠦᠨᠡᠰᠦᠨ ᠦᠩᠭᠡ ᠲᠠᠢ ᠪᠤᠯᠵᠦ᠂ ᠵᠠᠷᠢᠮ ᠳᠠᠭᠠᠨ ᠪᠠᠰᠠ ᠨᠤᠭᠤᠭᠠᠨ ᠦᠩᠭᠡ ᠲᠠᠢ ᠪᠤᠯᠬᠤ ᠪᠦᠭᠡᠳ ᠨᠢᠯᠴᠠᠭᠠᠢ ᠰᠢᠩᠭᠡᠨ ᠪᠠ ᠴᠢᠰᠤ ᠲᠠᠭᠠᠯᠳᠤᠭᠤᠯᠵᠦ᠂ ᠦᠮᠡᠭᠡᠢ ᠦᠨᠦᠷ ᠲᠠᠢ ᠪᠠᠶᠢᠳᠠᠭ᠃ ᠭᠡᠷᠪᠡ ᠪᠡᠶ᠎ᠠ ᠶᠢᠨ ᠲᠤᠯᠠᠭᠠᠨ ᠨᠢ ᠲᠤᠷᠤᠭᠰᠢᠯᠠᠬᠤ ᠶᠢᠨ ᠬᠠᠮᠳᠤ ᠰᠤᠳᠠᠯ ᠤᠨ ᠯᠤᠭᠰᠢᠯᠳᠠ ᠨᠢ ᠲᠦᠷᠭᠡᠰᠪᠡᠯ ᠦᠬᠦᠬᠦ ᠶᠢᠨ ᠲᠡᠮᠳᠡᠭ ᠪᠤᠯᠤᠨ᠎ᠠ᠃    ᠤᠷᠢᠳᠴᠢᠯᠠᠨ ᠰᠡᠷᠭᠡᠶᠢᠯᠡᠬᠦ ᠠᠷᠭ᠎ᠠ   ᠠᠷᠠᠴᠢᠯᠠᠭ᠎ᠠ ᠬᠠᠮᠢᠶᠠᠷᠤᠯᠳᠠ ᠶᠢ ᠴᠢᠩᠭᠠᠳᠬᠠᠵᠦ᠂ ᠡᠷᠡᠭᠦᠯ ᠬᠠᠮᠠᠭᠠᠯᠠᠯ ᠤᠨ ᠨᠦᠬᠦᠴᠡᠯ ᠢ ᠰᠠᠶᠢᠵᠢᠷᠠᠭᠤᠯᠤᠨ ᠡᠭᠡ ᠮᠠᠯ ᠤᠨ ᠭᠡᠭᠡᠯ ᠤᠨ ᠰᠡᠭᠦᠯᠴᠢ ᠶᠢᠨ ᠬᠤᠭᠤᠴᠠᠭ᠎ᠠ ᠪᠠ ᠬᠦᠬᠦᠬᠦᠯ ᠤᠨ ᠬᠤᠭᠤᠴᠠᠭᠠᠨ ᠤ ᠰᠢᠮ᠎ᠠ ᠲᠡᠵᠢᠭᠡᠯ ᠢ ᠪᠠᠳᠤᠯᠠᠨ᠎ᠠ᠃ ᠬᠤᠷᠠᠭ᠎ᠠ ᠢᠰᠢᠭᠡ ᠳᠤ ᠤᠭᠤᠷᠠᠭ ᠰᠦ ᠶᠢ ᠡᠷᠳᠡ ᠰᠢᠭ ᠬᠦᠢᠴᠡᠳ ᠬᠦᠬᠦᠬᠦᠯᠦᠨ᠎ᠠ᠃ ᠬᠦᠮᠦᠨ ᠤ ᠬᠦᠴᠦ ᠪᠠᠷ ᠤᠭᠵᠢᠬᠤ ᠦᠶᠡᠰ ᠲᠤᠭᠳᠠᠭᠰᠠᠨ ᠴᠠᠭ᠂ ᠲᠤᠭᠳᠠᠭᠰᠠᠨ ᠭᠡᠮᠵᠢᠶ᠎ᠠ ᠪᠠᠷ ᠵᠤᠬᠢᠰᠳᠠᠢ ᠲᠡᠵᠢᠭᠡᠨ᠎ᠠ︔ ᠬᠠᠰᠢᠶ᠎ᠠ ᠬᠤᠷᠤᠭ᠎ᠠ ᠶᠢᠨ ᠡᠷᠡᠭᠦᠯ ᠬᠠᠮᠠᠭᠠᠯᠠᠯ ᠢ ᠰᠠᠶᠢᠳᠤᠷ ᠬᠢᠵᠦ ᠲᠤᠯᠠᠭᠠᠯᠠᠬᠤ ᠶᠢ ᠠᠩᠬᠠᠷᠤᠨ ᠬᠤᠷᠠᠭ᠎ᠠ ᠶᠢᠨ ᠲᠠᠭᠠᠷᠠᠬᠤ ᠠᠴᠠ ᠰᠡᠷᠭᠡᠶᠢᠯᠡᠨ᠎ᠠ︔ ᠪᠠᠰᠠ ᠡᠮ ᠢᠶᠠᠷ ᠵᠢᠷᠦᠭᠡ ᠴᠢᠰᠤᠨ ᠰᠤᠳᠠᠯ ᠤᠨ ᠠᠵᠢᠯᠯᠠᠭ᠎ᠠ ᠶᠢ ᠬᠠᠮᠠᠭᠠᠯᠠᠵᠦ᠂ ᠪᠠᠺᠲ᠋ᠧᠷᠢ ᠶᠢ ᠬᠤᠷᠢᠭᠯᠠᠵᠦ ᠦᠷᠪᠢᠰᠦᠯ ᠢ ᠲᠠᠷᠤᠨ᠂ ᠬᠦᠴᠢᠯ ᠳᠤ ᠬᠤᠤᠷᠠᠳᠠᠭᠳᠠᠬᠤ ᠠᠴᠠ ᠰᠡᠷᠭᠡᠶᠢᠯᠡᠨ᠎ᠠ︔ ᠬᠤᠳᠤᠭᠤᠳᠤ ᠭᠡᠳᠡᠰᠦᠨ ᠤ ᠢᠰᠦᠯᠳᠡ ᠪᠠ ᠢᠯᠵᠢᠷᠠᠯ ᠢ ᠰᠡᠷᠭᠡᠶᠢᠯᠡᠵᠦ᠂ ᠤᠰᠤ ᠪᠠ ᠴᠠᠬᠢᠯᠭᠠᠨ ᠵᠠᠳᠠᠯᠤᠭᠳᠠᠬᠤᠨ ᠨᠦᠬᠦᠪᠤᠷᠢᠯᠡᠵᠦ᠂ ᠬᠠᠭᠤᠷᠠᠢ ᠡᠪᠡᠰᠦ ᠪᠠ ᠬᠤᠯᠤᠤᠪᠠᠩ ᠢᠶᠠᠷ ᠲᠡᠵᠢᠭᠡᠨ᠎ᠠ᠃    ᠵᠠᠰᠠᠬᠤ ᠠᠷᠭ᠎ᠠ    ︵1︶ ᠭᠡᠮᠨᠡᠭᠰᠡᠨ ᠬᠤᠷᠠᠭ᠎ᠠ ᠢᠰᠢᠭᠡ ᠶᠢ ᠲᠤᠯᠠᠭᠠᠨ᠂ ᠬᠠᠭᠤᠷᠠᠢ ᠮᠦᠷᠳᠡᠭᠡᠨ ᠴᠡᠪᠡᠷᠭᠡᠨ ᠭᠠᠵᠠᠷ ᠲᠤ ᠰᠢᠯᠵᠢᠭᠦᠯᠵᠦ᠂ 8 — 10 ᠴᠠᠭ ᠢᠳᠡᠰᠢ ᠴᠡᠭᠡᠷᠯᠡᠵᠦ ᠂ ᠴᠠᠬᠢᠯᠭᠠᠨ ᠵᠠᠳᠠᠯᠤᠭᠳᠠᠬᠤᠨ ᠤ ᠠᠭᠤᠰᠤᠮᠠᠯ ᠤᠤᠭᠤᠯᠭᠠᠨ᠎ᠠ᠃ ᠲᠤᠰᠤᠯᠢᠭ ᠪᠤᠶᠤ ᠲᠠᠪᠤᠰᠤᠨ ᠤ ᠵᠦᠢᠯ ᠢᠶᠠᠷ ᠬᠤᠷᠠᠭ᠎ᠠ ᠢᠰᠢᠭᠡᠨ ᠤ ᠬᠤᠳᠤᠭᠤᠳᠤ ᠭᠡᠳᠡᠰᠦᠨ ᠲᠤᠳᠤᠷᠠᠬᠢ ᠬᠤᠷᠠᠮᠠᠯ ᠪᠤᠳᠠᠰ ᠢ ᠭᠠᠷᠭᠠᠨ᠎ᠠ᠂ ᠵᠢᠱᠢᠶᠡᠯᠡᠪᠡᠯ 30 — 50 ᠮᠢᠯᠢᠯᠢᠳ᠋ᠷ ᠰᠢᠩᠭᠡᠨ ᠴᠢᠯᠠᠭᠤᠨ ᠯᠠ ᠶᠢ ᠴᠢᠳᠬᠤᠵᠦ ᠤᠤᠭᠤᠯᠭᠠᠨ᠎ᠠ᠃   ︵2︶ ᠬᠤᠷᠠᠭ᠎ᠠ ᠢᠰᠢᠭᠡ ᠶᠢᠨ ᠰᠢᠩᠭᠡᠭᠡᠯᠳᠡ ᠶᠢ ᠠᠬᠢᠭᠤᠯᠬᠤ ᠶᠢᠨ ᠲᠦᠯᠦᠭᠡ᠂ 10 — 30 ᠮᠢᠯᠢᠯᠢᠳ᠋ᠷ ᠵᠤᠬᠢᠶᠠᠮᠠᠯ ᠬᠤᠳᠤᠭᠤᠳᠤᠨ ᠰᠢᠩᠭᠡᠨ ︵ᠬᠤᠳᠤᠭᠤᠳᠤᠨ ᠤᠭᠤᠷᠠᠭ ᠤᠨ ᠢᠰᠭᠡᠭᠦᠷ 10 ᠭᠷᠠᠮ᠂ ᠰᠢᠩᠭᠡᠨ ᠲᠠᠪᠤᠰᠤᠨ ᠬᠦᠴᠢᠯ 5 ᠮᠢᠯᠢᠯᠢᠳ᠋ᠷ ᠲᠡᠭᠡᠷ᠎ᠠ 1000 ᠮᠢᠯᠢᠯᠢᠳ᠋ᠷ ᠤᠰᠤ ᠨᠡᠮᠡᠵᠦ ᠬᠦᠢᠴᠡᠳ ᠬᠤᠯᠢᠨ᠎ᠠ︶ ᠢ ᠨᠢᠭᠡ ᠤᠳᠠᠭ᠎ᠠ ᠳᠤ ᠴᠢᠳᠬᠤᠨ ᠤᠤᠭᠤᠯᠭᠠᠨ᠎ᠠ᠂ ᠡᠰᠡᠪᠡᠯ 0.5 ᠭᠷᠠᠮ ᠬᠤᠳᠤᠭᠤᠳᠤᠨ ᠤᠭᠤᠷᠠᠭ ᠤᠨ ᠢᠰᠭᠡᠭᠦᠷ᠂ ᠨᠦᠢᠷ ᠤᠨ ᠢᠰᠭᠡᠭᠦᠷ᠂ ᠴᠠᠷᠳᠠᠭᠤᠯ ᠤᠨ ᠢᠰᠭᠡᠭᠦᠷ ᠲᠡᠭᠡᠷ᠎ᠠ ᠤᠰᠤ ᠨᠡᠮᠡᠵᠦ ᠡᠳᠦᠷ ᠪᠦᠷᠢ ᠨᠢᠭᠡ ᠤᠳᠠᠭ᠎ᠠ᠂ ᠦᠷᠭᠦᠯᠵᠢᠯᠡᠨ ᠭᠡᠳᠦᠨ ᠡᠳᠦᠷ ᠤᠤᠭᠤᠯᠭᠠᠨ᠎ᠠ᠃    ︵3︶ ᠬᠤᠷᠠᠭ᠎ᠠ ᠢᠰᠢᠭᠡ ᠶᠢᠨ ᠭᠡᠳᠡᠰᠦᠨ ᠤ ᠦᠷᠭᠦᠯᠵᠢᠯᠡᠨ ᠬᠠᠯᠳᠠᠪᠤᠷᠢᠯᠠᠯ ᠡᠭᠦᠰᠬᠦ ᠠᠴᠠ ᠰᠡᠷᠭᠡᠶᠢᠯᠡᠨ ᠭᠡᠳᠡᠰᠦᠨ ᠲᠤᠳᠤᠷ᠎ᠠ ᠢᠯᠵᠢᠷᠠᠵᠦ ᠢᠰᠦᠯᠳᠦᠬᠦ ᠶᠢ ᠬᠤᠷᠢᠭᠯᠠᠬᠤ ᠶᠢᠨ ᠲᠦᠯᠦᠭᠡ ᠬᠤᠤᠷᠠᠳᠠᠯᠭ᠎ᠠ ᠶᠢᠨ ᠴᠢᠨᠠᠷᠳᠠᠢ ᠰᠢᠩᠭᠡᠭᠡᠯᠳᠡ ᠮᠠᠭᠤᠳᠠᠭᠰᠠᠨ ᠬᠤᠷᠠᠭᠠᠨ ᠳᠤ ᠪᠠᠺᠲ᠋ᠧᠷᠢ ᠡᠰᠡᠷᠭᠦ ᠡᠳ᠋ ᠢ ᠭᠡᠷᠡᠭᠯᠡᠵᠦ ᠵᠠᠰᠠᠵᠦ ᠪᠤᠯᠤᠨ᠎ᠠ᠃ ᠭᠡᠬᠦ ᠳᠤ ᠺᠢᠯᠦᠭᠷᠠᠮ ᠪᠦᠷᠢ ᠪᠡᠶ᠎ᠠ ᠶᠢᠨ ᠬᠦᠨᠳᠦ ᠪᠠᠷ ᠪᠤᠳᠤᠪᠠᠯ 20 ᠲᠦᠮᠡᠨ ᠨᠢᠭᠡᠴᠢ ᠯᠢᠶᠠᠨ ᠮᠸᠢ ᠰᠥ᠂ 25 — 50 ᠲᠦᠮᠡᠨ ᠨᠢᠭᠡᠴᠢ ᠯᠤ᠋ ᠮᠸᠢ ᠰᠥ᠂ 25 ᠲᠦᠮᠡᠨ ᠨᠢᠭᠡᠴᠢ ᠰᠢᠨ ᠮᠸᠢ ᠰᠥ᠂ 50 ᠮᠢᠯᠢᠯᠢᠳ᠋ᠷ ᠺᠠᠨ ᠨᠠ ᠮᠸᠢ ᠰᠥ ᠠᠴᠠ ᠲᠤᠷ᠎ᠠ ᠶᠢᠨ ᠨᠢᠭᠡ ᠶᠢ ᠰᠤᠩᠭᠤᠵᠦ ᠡᠳᠦᠷ ᠪᠦᠷᠢ 2 ᠤᠳᠠᠭ᠎ᠠ᠂ ᠦᠷᠭᠦᠯᠵᠢᠯᠡᠨ 3 ᠡᠳᠦᠷ ᠴᠢᠳᠬᠤᠵᠦ ᠤᠤᠭᠤᠯᠭᠠᠨ᠎ᠠ᠃   ︵4︶ ᠬᠤᠷᠠᠭ᠎ᠠ ᠢᠰᠢᠭᠡ ᠶᠢᠨ ᠤᠰᠤ ᠠᠯᠳᠠᠬᠤ ᠠᠴᠠ ᠰᠡᠷᠭᠡᠶᠢᠯᠡᠬᠦ ᠶᠢᠨ ᠲᠦᠯᠦᠭᠡ᠂ ᠭᠡᠮᠨᠡᠭᠰᠡᠨ ᠡᠬᠢᠨ ᠤ ᠬᠤᠭᠤᠴᠠᠭᠠᠨ ᠳᠤ ᠬᠤᠯᠢᠮᠠᠭ ᠲᠠᠪᠤᠰᠤᠨ ᠠᠭᠤᠰᠤᠮᠠᠯ ᠪᠤᠶᠤ ᠰᠢᠬᠢᠷ ᠲᠠᠪᠤᠰᠤ ᠲᠠᠢ ᠤᠰᠤ ᠤᠤᠭᠤᠯᠭᠠᠨ᠎ᠠ︔ ᠬᠦᠨᠳᠦ ᠨᠤᠴᠢᠳᠠᠢ ᠤᠰᠤ ᠠᠯᠳᠠᠭᠰᠠᠨ ᠬᠤᠷᠠᠭ᠎ᠠ ᠢᠰᠢᠭᠡᠨ ᠳᠤ 5% ᠶᠢᠨ ᠦᠵᠦᠮ ᠤᠨ ᠰᠢᠬᠢᠷ ᠤᠨ ᠹᠢᠽᠢᠤᠯᠤᠬᠢ ᠶᠢᠨ ᠲᠠᠪᠤᠰᠤᠨ ᠠᠭᠤᠰᠤᠮᠠᠯ ᠢ 500 ᠮᠢᠯᠢᠯᠢᠳ᠋ᠷ᠂ 5% ᠶᠢᠨ ᠨᠡᠭᠦᠷᠡᠰᠦᠬᠦ᠋ᠴᠢᠯ ᠤᠨ ᠤᠰᠤᠳᠦ᠋ᠷᠦᠭᠴᠢᠳᠦ ᠨᠠᠳ᠋ᠷᠢ ᠶᠢ 50 ᠮᠢᠯᠢᠯᠢᠳ᠋ᠷ᠂ 10% ᠶᠢᠨ ᠭᠠᠪᠤᠷ ᠬᠦᠬᠦᠷᠯᠢᠭ ᠬᠦᠴᠢᠯ ᠤᠨ ᠨᠠᠳ᠋ᠷᠢ ᠶᠢ 3 ᠮᠢᠯᠢᠯᠢᠳ᠋ᠷ ᠢᠶᠠᠷ ᠨᠠᠮᠵᠢᠭᠤᠨ ᠰᠤᠳᠠᠯ ᠳᠤ ᠬᠤᠯᠢᠵᠦ ᠲᠠᠷᠤᠨ᠎ᠠ᠃          
ᠢᠷᠡᠯᠲᠡ᠄ ︽ᠦᠪᠤᠷ ᠮᠤᠩᠭᠤᠯ ᠤᠨ ᠰᠢᠨᠵᠢᠯᠡᠬᠦ ᠤᠬᠠᠭᠠᠨ ᠮᠡᠷᠭᠡᠵᠢᠯ︾ ᠰᠡᠳᠭᠦᠯ