ᠡᠾᠯᠦᠷᠲᠦ ᠺᠠᠯᠢ ᠶᠢ ᠬᠡᠷᠬᠢᠨ ᠰᠢᠨᠵᠢᠯᠡᠬᠦ ᠤᠬᠠᠭᠠᠨᠴᠢ ᠪᠠᠷ ᠣᠷᠤᠭᠤᠯᠬᠤ ᠪᠣᠢ
ᠨᠡᠶᠢᠲᠡᠯᠡᠭᠰᠡᠨ ᠴᠠᠭ᠄
2021/10/19
                        ᠡᠾᠯᠦᠷᠲᠦ ᠺᠠᠯᠢ ︵氯化钾︶ ᠪᠣᠯ ᠴᠠᠭᠠᠨ ᠪᠤᠶᠤ ᠰᠢᠷᠠᠪᠲᠤᠷ ᠲᠠᠯᠠᠰᠲᠦ ᠶᠤᠮ᠃ ᠠᠰᠢᠭᠲᠤ ᠪᠦᠷᠢᠯᠳᠦᠭᠦᠨ K2O ᠤᠨ ᠠᠭᠤᠯᠤᠭᠳᠠᠴᠠ ᠨᠢ 60% ᠣᠷᠴᠢᠮ ᠪᠠᠶᠢᠳᠠᠭ᠃ ᠡᠶᠢᠮᠦ ᠪᠣᠷᠳᠤᠭᠤᠷ ᠠᠮᠠᠷᠬᠠᠨ ᠴᠢᠬᠢᠭᠳᠦᠨ ᠬᠡᠰᠡᠭᠷᠡᠵᠦ᠂ ᠣᠰᠤᠨ ᠳᠤ ᠠᠮᠠᠷᠬᠠᠨ ᠠᠭᠤᠰᠤᠨ᠎ᠠ᠂ ᠤᠰᠤᠨ ᠳᠤ ᠠᠭᠤᠰᠬᠤ ᠬᠡᠮᠵᠢᠶ᠎ᠡ ᠨᠢ ᠳᠤᠯᠠᠭᠠᠨ ᠤ ᠬᠡᠮᠵᠢᠶ᠎ᠡ ᠳᠡᠭᠡᠭᠰᠢᠯᠡᠬᠦ ᠶᠢ ᠳᠠᠭᠠᠯᠳᠤᠨ ᠲᠠᠰᠤᠷᠠᠯᠲᠠ ᠦᠭᠡᠢ ᠨᠡᠮᠡᠭᠳᠡᠨ᠎ᠡ᠃ ᠡᠾᠯᠦᠷᠲᠦ ᠺᠠᠯᠢ ᠪᠣᠯ ᠰᠠᠭᠠᠷᠮᠠᠭ ᠪᠦᠭᠡᠳ ᠬᠦᠴᠢᠯᠯᠢᠭ ᠲᠦᠷᠭᠡᠨ ᠦᠢᠯᠡᠳᠦᠯᠲᠦ ᠺᠠᠯᠢ ᠪᠣᠷᠳᠤᠭᠤᠷ ᠶᠤᠮ᠃ ᠡᠶᠢᠮᠦᠷᠭᠦᠦ ᠪᠣᠷᠳᠤᠭᠤᠷ ᠨᠢ ᠤᠰᠤᠨ ᠳᠣᠳᠤᠷᠭ᠎ᠠ᠂ ᠪᠣᠭᠤᠳᠠᠢ᠂ ᠬᠦᠪᠦᠩ᠂ ᠡᠷᠳᠡᠨᠢ ᠰᠢᠰᠢ᠂ ᠰᠢᠰᠢ ᠵᠡᠷᠭᠡ ᠲᠠᠷᠢᠮᠠᠯ ᠳᠤ ᠬᠠᠮᠤᠭ ᠠᠴᠠ ᠲᠣᠬᠢᠷᠠᠨ᠎ᠠ᠃ ᠡᠭᠦᠨ ᠤ ᠬᠠᠮᠲᠤ ᠪᠠᠰᠠ ᠰᠠᠭᠠᠷᠮᠠᠭ ᠴᠣᠬᠤᠶᠢᠯᠢᠭ ᠬᠦᠷᠦᠰᠦᠨ ᠳᠤ ᠲᠣᠬᠢᠷᠠᠨ᠎ᠠ᠃    ᠡᠾᠯᠦᠷᠲᠦ ᠺᠠᠯᠢ ᠶᠢ ᠬᠡᠷᠡᠭᠯᠡᠬᠦ ᠠᠷᠭ᠎ᠠ᠄    1. ᠡᠾᠯᠦᠷ ᠴᠡᠭᠡᠷᠰᠡᠭ ᠲᠠᠷᠢᠮᠠᠯ ᠳᠤ ᠣᠷᠤᠭᠤᠯᠵᠤ ᠪᠣᠯᠬᠤ ᠦᠭᠡᠢ᠂ ᠵᠢᠱᠢᠶᠡᠯᠡᠪᠡᠯ ᠲᠠᠮᠠᠬᠢ᠂ ᠰᠢᠬᠢᠷ ᠯᠣᠣᠪᠠᠩ᠂ ᠨᠢᠰᠢᠩᠭᠦ᠂ ᠲᠦᠮᠦᠰᠦ ᠵᠡᠷᠭᠡ᠂ ᠡᠰᠡ ᠲᠡᠭᠡᠪᠡᠯ ᠡᠳᠡᠭᠡᠷ ᠲᠠᠷᠢᠮᠡᠯ ᠤᠨ ᠬᠤᠷᠢᠶᠠᠯᠲᠠ ᠪᠠ ᠶᠠᠰᠤ ᠴᠢᠨᠠᠷ ᠢ ᠨᠦᠯᠦᠭᠡᠯᠡᠨ᠎ᠡ    2. ᠰᠠᠭᠤᠷᠢ ᠪᠣᠷᠳᠤᠭᠤᠷ᠂ ᠨᠡᠮᠡᠯᠲᠡ ᠪᠣᠷᠳᠤᠭᠤᠷ ᠪᠣᠯᠭᠠᠵᠤ ᠪᠣᠯᠤᠨ᠎ᠠ᠃ ᠭᠡᠪᠡᠴᠦ ᠦᠷ᠎ᠡ ᠶᠢᠨ ᠪᠣᠷᠳᠤᠯᠲᠠ ᠪᠣᠯᠭᠠᠵᠤ ᠪᠣᠯᠬᠤ ᠦᠭᠡᠢ᠃ ᠤᠴᠢᠷ ᠨᠢ ᠡᠾᠯᠦᠷᠲᠦ ᠺᠠᠯᠢ ᠪᠣᠷᠳᠤᠭᠤᠷ ᠲᠤ ᠶᠡᠭᠡ ᠬᠡᠮᠵᠢᠶᠡᠨ ᠤ ᠡᠾᠯᠦᠷ ᠤᠨ ᠢᠶᠦᠨ ᠠᠭᠤᠯᠤᠭᠳᠠᠳᠠᠭ ᠠᠴᠠ ᠦᠷ᠎ᠡ ᠶᠢᠨ ᠰᠣᠶᠣᠭᠠᠯᠠᠬᠤ ᠪᠠ ᠨᠢᠯᠬ᠎ᠠ ᠴᠢᠬᠢᠨ ᠤ ᠦᠰᠦᠯᠲᠡ ᠶᠢ ᠨᠦᠯᠦᠭᠡᠯᠡᠨ᠎ᠡ᠃ ᠰᠠᠭᠤᠷᠢ ᠪᠣᠷᠳᠤᠭᠤᠷ ᠪᠣᠯᠭᠠᠬᠤ ᠳᠤ ᠶᠡᠷᠦ ᠳᠡᠭᠡᠨ ᠲᠠᠷᠢᠬᠤ ᠠᠴᠠ ᠡᠮᠦᠨ᠎ᠡ 10 ~ 15 ᠬᠤᠨᠤᠭ ᠤᠨ ᠡᠮᠦᠨ᠎ᠡ᠂ ᠭᠠᠵᠠᠷ ᠬᠠᠭᠠᠯᠪᠤᠷᠢᠯᠠᠬᠤ ᠲᠠᠢ ᠤᠶᠠᠯᠳᠤᠭᠤᠯᠤᠨ ᠣᠷᠤᠭᠤᠯᠤᠨ᠎ᠠ᠃ ᠢᠩᠭᠢᠬᠦ ᠨᠢ ᠭᠤᠣᠯᠳᠠᠭᠤ ᠡᠾᠯᠦᠷ ᠤᠨ ᠢᠶᠦᠨ ᠢ ᠬᠦᠷᠦᠰᠦᠨ ᠳᠣᠲᠤᠷ᠎ᠠ ᠠᠴᠠ ᠭᠠᠷᠭᠠᠵᠤ ᠬᠠᠶᠠᠬᠤ ᠶᠢᠨ ᠲᠦᠯᠦᠭᠡ ᠶᠤᠮ᠃ ᠡᠾᠯᠦᠷᠲᠦ ᠺᠠᠯᠢ ᠪᠠᠷ ᠨᠡᠮᠡᠯᠲᠡ ᠪᠣᠷᠳᠤᠭᠤᠷ ᠪᠣᠯᠭᠠᠬᠤ ᠳᠤ ᠶᠡᠷᠦ ᠳᠡᠭᠡᠨ ᠴᠢᠬᠢ ᠨᠢ ᠦᠰᠦᠭᠰᠡᠨ ᠤ ᠳᠠᠷᠠᠭ᠎ᠠ ᠳᠠᠬᠢᠨ ᠨᠡᠮᠡᠵᠦ ᠣᠷᠤᠭᠤᠯᠤᠨ᠎ᠠ᠃    3. ᠬᠡᠷᠡᠭᠯᠡᠬᠦ ᠬᠡᠮᠵᠢᠶᠡᠨ ᠤ ᠠᠰᠠᠭᠤᠳᠠᠯ᠃ ᠡᠩ ᠤᠨ ᠬᠦᠷᠦᠰᠦᠨ ᠳᠤ 667m2 ᠪᠦᠷᠢ ᠳᠤ 7.5 ~ 10kg ᠣᠷᠤᠭᠤᠯᠤᠨ᠎ᠠ᠃ ᠡᠯᠡᠰᠦᠷᠬᠡᠭ ᠬᠦᠷᠦᠰᠦᠨ ᠳᠤ ᠪᠣᠯ ᠪᠠᠭ᠎ᠠ ᠪᠠᠭ᠎ᠠ ᠪᠠᠷ ᠣᠯᠠᠨ ᠤᠳᠠᠭ᠎ᠠ ᠣᠷᠤᠭᠤᠯᠬᠤ ᠵᠠᠷᠴᠢᠮ ᠢ ᠪᠠᠷᠢᠮᠳᠠᠯᠠᠨ᠎ᠠ᠃    4. ᠡᠾᠯᠦᠷᠲᠦ ᠺᠠᠯᠢ ᠪᠠᠷ ᠰᠠᠭᠤᠷᠢ ᠪᠣᠷᠳᠤᠭᠤᠷ ᠪᠣᠶᠤ ᠨᠡᠮᠡᠯᠲᠡ ᠪᠣᠷᠳᠤᠭᠤᠷ ᠪᠣᠯᠭᠠᠬᠤ ᠳᠤ ᠴᠦᠮ ᠡᠷᠲᠡ ᠣᠷᠤᠭᠤᠯᠪᠠᠯ ᠵᠤᠬᠢᠨ᠎ᠠ᠂ ᠪᠣᠷᠤᠭᠠᠨ ᠤ ᠤᠰᠤ ᠪᠠᠷ ᠳᠠᠮᠵᠢᠭᠤᠯᠬᠤ ᠪᠣᠶᠣ ᠤᠰᠤᠯᠠᠯᠲᠠ ᠶᠢᠨ ᠤᠰᠤ ᠶᠢ ᠠᠰᠢᠭᠯᠠᠨ ᠡᠾᠯᠦᠷ ᠤᠨ ᠢᠶᠦᠨ ᠢ ᠬᠦᠷᠦᠰᠦᠨ ᠳᠠᠪᠬᠤᠷᠭ᠎ᠠ ᠳᠤ ᠣᠷᠤᠭᠤᠯᠵᠤ᠂ ᠡᠾᠯᠦᠷ ᠤᠨ ᠢᠶᠦᠨ ᠤ ᠲᠠᠷᠢᠮᠠᠯ ᠳᠤ ᠦᠵᠡᠭᠦᠯᠬᠦ ᠬᠦᠨᠦᠭᠡᠯ ᠢ ᠪᠠᠭᠠᠰᠬᠠᠨ᠎ᠠ᠃    ᠡᠾᠯᠦᠷᠲᠦ ᠺᠠᠯᠢ ᠪᠣᠷᠳᠤᠭᠤᠷ ᠢ ᠬᠡᠷᠡᠭᠯᠡᠬᠦ ᠳᠤ ᠠᠩᠬᠠᠷᠪᠠᠯ ᠵᠣᠬᠢᠬᠤ ᠵᠦᠢᠯ᠄    1. ᠡᠾᠯᠦᠷᠲᠦ ᠺᠠᠯᠢ ᠶᠢ ᠠᠽᠣᠲ ᠪᠣᠷᠳᠤᠭᠤᠷ᠂ ᠹᠣᠰᠹᠣᠷ ᠪᠣᠷᠳᠤᠭᠤᠷ ᠲᠠᠢ ᠬᠠᠮᠲᠤᠷᠠᠭᠤᠯᠤᠨ ᠬᠡᠷᠡᠭᠯᠡᠪᠡᠯ ᠪᠣᠷᠳᠤᠭᠤᠷ ᠤᠨ ᠦᠢᠯᠡᠳᠦᠯ ᠢ ᠪᠠᠳᠠᠷᠠᠭᠤᠯᠬᠤ ᠳᠤ ᠨᠡᠩ ᠰᠠᠶᠢᠨ ᠪᠠᠶᠢᠳᠠᠭ᠃    2. ᠤᠰᠤ ᠨᠡᠪᠲᠡᠷᠡᠬᠦ ᠪᠠᠷ ᠪᠠᠷᠤᠭᠲᠠᠢ ᠳᠠᠪᠤᠰᠤᠷᠬᠠᠭ ᠬᠤᠵᠢᠷᠯᠢᠭ ᠭᠠᠵᠠᠷ ᠲᠤ ᠡᠾᠯᠦᠷᠲᠦ ᠺᠠᠯᠢ ᠶᠢ ᠬᠡᠷᠡᠭᠯᠡᠬᠦ ᠦᠭᠡᠢ ᠪᠣᠯ ᠵᠤᠬᠢᠨ᠎ᠠ᠂ ᠦᠭᠡᠢ ᠪᠣᠯ ᠬᠦᠷᠦᠰᠦᠨ ᠤ ᠳᠠᠪᠤᠰᠤᠨ ᠤ ᠬᠦᠨᠦᠭᠡᠯ ᠢ ᠨᠡᠮᠡᠭᠳᠡᠭᠦᠯᠳᠡᠭ᠃    3. ᠡᠯᠡᠰᠦᠷᠬᠡᠭ ᠬᠦᠷᠦᠰᠦᠨ ᠳᠤ ᠡᠾᠯᠦᠷᠲᠦ ᠺᠠᠯᠢ ᠶᠢ ᠤᠷᠭᠠᠨᠢᠭ ᠪᠣᠷᠳᠤᠭᠤᠷ ᠲᠠᠢ ᠬᠠᠮᠲᠤᠷᠠᠭᠤᠯᠤᠨ ᠬᠡᠷᠡᠭᠯᠡᠨ᠎ᠡ᠃    4. ᠬᠦᠴᠢᠯᠯᠢᠭ ᠬᠦᠷᠦᠰᠦᠨ ᠳᠤ ᠡᠾᠯᠦᠷᠲᠦ ᠺᠠᠯᠢ ᠶᠢ ᠬᠡᠷᠡᠭᠯᠡᠳᠡᠭ ᠦᠭᠡᠢ᠂ ᠬᠡᠷᠡᠭᠯᠡᠬᠦ ᠳᠤ ᠬᠦᠷᠪᠡᠯ ᠴᠣᠬᠤᠢ ᠪᠠ ᠤᠷᠭᠠᠨᠢᠭ ᠪᠣᠷᠳᠤᠭᠤᠷ ᠲᠠᠢ ᠬᠠᠮᠲᠤᠷᠠᠭᠤᠯᠤᠨ ᠬᠡᠷᠡᠭᠯᠡᠨ᠎ᠡ᠃    
ᠢᠷᠡᠯᠲᠡ᠄ ᠳᠠᠯᠠᠢ ᠶᠢᠨ ᠨᠠᠶᠢᠷᠠᠭᠤᠯᠤᠭᠰᠠᠨ ︽ᠰᠢᠨᠵᠢᠯᠡᠬᠦ ᠤᠬᠠᠭᠠᠨᠴᠢ ᠪᠠᠷ ᠪᠤᠷᠳᠤᠭᠤᠷ ᠤᠷᠤᠭᠤᠯᠬᠤ ᠠᠰᠠᠭᠤᠯᠲᠠ ᠬᠠᠷᠢᠭᠤᠯᠲᠠ︾ ᠭᠡᠬᠦ ᠨᠤᠮ ᠡᠴ᠊