ᠵᠥᠭᠡᠢ ᠳᠤ ᠬᠠᠳᠬᠤᠭᠤᠯᠪᠠᠯ ᠶᠠᠭᠠᠬᠢᠬᠤ ᠶᠤᠮ ᠪᠣᠢ
ᠨᠡᠶᠢᠲᠡᠯᠡᠭᠰᠡᠨ ᠴᠠᠭ᠄
2021/10/19
    ᠵᠥᠭᠡᠢ ᠳᠤ ᠴᠥᠭᠡᠨ ᠬᠠᠳᠬᠤᠭᠤᠯᠤᠭᠰᠠᠨ ᠪᠣᠯ ᠬᠤᠣᠷᠳᠠᠯᠭ᠎ᠠ ᠡᠭᠦᠰᠬᠡᠬᠦ ᠦᠭᠡᠢ ᠃ ᠬᠠᠷᠢᠨ ᠵᠥᠭᠡᠢ ᠶᠢᠨ ᠳᠠᠭᠠᠷᠢᠯᠲᠠ ᠳᠤ ᠥᠷᠢᠲᠦᠵᠦ ᠮᠠᠰᠢ ᠣᠯᠠᠨ ᠲᠣᠭᠠᠨ ᠤ ᠭᠦᠪᠳᠦᠷᠦᠦ ᠂ ᠬᠠᠪᠤᠳᠠᠷ ᠡᠭᠦᠰᠦᠭᠰᠡᠨ ᠪᠣᠯ ᠠᠮᠢ ᠨᠠᠰᠤᠨ ᠳᠤ ᠠᠶᠤᠯᠲᠠᠢ ᠃ ᠬᠠᠷᠰᠢᠯ ᠲᠠᠢ ᠬᠥᠮᠦᠨ ᠵᠥᠭᠡᠢ ᠂ ᠰᠢᠮᠠᠭᠤᠯ ᠲᠠᠢ ᠭᠠᠵᠠᠷ ᠶᠠᠪᠤᠬᠤ ᠳᠤ ᠪᠠᠨ ᠬᠠᠷᠰᠢᠯ ᠤᠨ ᠡᠰᠡᠷᠭᠦ ᠡᠮ ᠪᠡᠶ᠎ᠡ ᠳᠤ ᠪᠠᠨ ᠪᠠᠶᠢᠩᠭᠤ ᠠᠪᠴᠤ ᠶᠠᠪᠤᠬᠤ ᠬᠡᠷᠡᠭᠲᠡᠢ ᠃ ᠵᠥᠭᠡᠢ ᠳᠤ ᠬᠠᠳᠬᠤᠭᠤᠯᠤᠭᠰᠠᠨ ᠲᠣᠬᠢᠶᠠᠯᠳᠤᠯ ᠳᠤ ᠬᠠᠳᠬᠤᠭᠤᠷ ᠨᠢ ᠠᠷᠠᠰᠤᠨ ᠳᠤ ᠦᠯᠡᠳᠡᠳᠡᠭ ᠃     ᠠᠪᠬᠤ ᠠᠷᠭ᠎ᠠ ᠬᠡᠮᠵᠢᠶ᠎ᠡ ᠄ ᠠᠷᠠᠰᠤᠨ ᠳᠤ ᠦᠯᠡᠳᠡᠭᠰᠡᠨ ᠵᠥᠭᠡᠢ ᠶᠢᠨ ᠬᠤᠰᠢᠭᠤ ᠶᠢ ᠪᠣᠯᠭᠤᠮᠵᠢ ᠲᠠᠢ ᠰᠢᠬᠠᠵᠤ ᠭᠠᠷᠭᠠᠬᠤ ᠰᠢᠷᠬ᠎ᠠ ᠶᠢ ᠨᠢ ᠢᠣᠳ᠋ ᠂ ᠰᠫᠢᠷᠲ ᠢᠶᠠᠷ ᠠᠷᠴᠢᠬᠤ ᠡᠪᠡᠳᠴᠢᠨ ᠨᠠᠮᠳᠠᠭᠠᠬᠤ ᠂ ᠲᠠᠶᠢᠪᠤᠰᠢᠷᠠᠭᠤᠯᠬᠤ ᠡᠮ ᠥᠭᠬᠦ ᠠᠷᠠᠰᠤ ᠪᠠᠮᠪᠠᠶᠢᠵᠤ ᠬᠠᠪᠤᠳᠬᠤ ᠂ ᠬᠤᠭᠤᠯᠠᠢ ᠰᠥᠭᠡᠩᠭᠢᠲᠦᠬᠦ ᠂ ᠬᠠᠮᠠᠷ ᠪᠢᠲᠡᠭᠦᠷᠡᠬᠦ ᠵᠡᠷᠭᠡ ᠬᠠᠷᠰᠢᠯ ᠤᠨ ᠰᠢᠨᠵᠢ ᠢᠯᠡᠷᠡᠪᠡᠯ ᠡᠮᠨᠡᠯᠭᠡ ᠳᠤ ᠶᠠᠭᠠᠷᠠᠯᠲᠠᠢ ᠬᠠᠨᠳᠤᠬᠤ ᠵᠡᠷᠭᠡ ᠠᠷᠭ᠎ᠠ ᠭᠡᠮᠵᠢᠶ᠎ᠠ ᠶᠢ ᠠᠪᠬᠤ ᠭᠡᠷᠡᠭᠲᠡᠢ᠃    
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠳᠦᠨ