ᠴᠢᠪᠠᠭ᠎ᠠ ᠪᠤᠯ ᠡᠮᠡᠭᠳᠡᠢ ᠬᠦᠮᠦᠨ ᠤ ᠬᠠᠮᠤᠭ ᠤᠨ ᠰᠠᠶᠢᠨ ᠢᠳᠡᠭᠡᠨ
ᠨᠡᠶᠢᠲᠡᠯᠡᠭᠰᠡᠨ ᠴᠠᠭ᠄
2021/10/20
                            ᠡᠮᠨᠡᠯᠭᠡ ᠶᠢᠨ ᠲᠤᠰᠬᠠᠢ ᠮᠡᠷᠭᠡᠵᠢᠯᠳᠡᠨ ᠤ ᠰᠠᠨᠠᠭᠤᠯᠬᠤ ᠪᠠᠷ᠂ ᠡᠮᠡᠭᠳᠡᠢ ᠬᠦᠮᠦᠨ ᠨᠢᠭᠡ ᠪᠡᠶᠡᠨ ᠳᠡᠭᠡᠨ ᠦᠷᠭᠦᠯᠵᠢ ᠴᠢᠪᠠᠭ᠎ᠠ ᠢᠳᠡᠬᠦ ᠬᠡᠷᠡᠭᠳᠡᠢ᠃ ᠴᠢᠪᠠᠭ᠎ᠠ ᠪᠣᠯ ᠡᠮᠡᠭᠳᠡᠢ ᠬᠦᠮᠦᠨ ᠤ ᠬᠠᠮᠤᠭ ᠤᠨ ᠰᠠᠶᠢᠨ ᠰᠢᠮ᠎ᠡ ᠲᠡᠵᠢᠭᠡᠯ ᠪᠠ ᠭᠤᠶᠤᠯᠠᠯ ᠤᠨ ᠵᠢᠮᠢᠰ ᠮᠦᠨ ᠭᠡᠵᠤ ᠪᠤᠢ᠃    ︿1︶ ᠴᠢᠪᠠᠭ᠎ᠠ ᠶᠢ ᠪᠤᠴᠠᠯᠤᠭᠰᠠᠨ ᠤᠰᠤᠨ ᠳᠤ ᠴᠢᠯᠡᠵᠤ ᠤᠰᠤ ᠢ ᠨᠢ ᠤᠤᠭᠤᠪᠠᠯ ᠡᠯᠢᠭᠡ ᠬᠤᠳᠤᠭᠠᠳᠤ ᠶᠢ ᠭᠠᠮᠨᠠᠶ᠋ᠵᠤ ᠪᠡᠶ᠎ᠡ ᠶᠢᠨ ᠬᠤᠤᠷ ᠢ ᠠᠷᠢᠯᠭᠠᠨ᠎ᠠ᠃ ᠴᠢᠪᠠᠭ᠎ᠠ ᠪᠤᠯ ᠡᠮᠡᠭᠳᠡᠢ ᠬᠦᠮᠦᠨ ᠤ ᠬᠠᠮᠤᠭ ᠤᠨ ᠰᠠᠶᠢᠨ ᠢᠳᠡᠭᠡᠨ᠃   ︿2︶ ᠴᠢᠪᠠᠭ᠎ᠠ ᠶᠢ ᠯᠤᠤ ᠶᠢᠨ ᠨᠢᠳᠤ ᠲᠠᠢ᠂ ᠬᠦᠬᠡ ᠴᠠᠢ ᠲᠠᠢ ᠴᠤᠭ ᠴᠢᠯᠡᠵᠤ ᠤᠤᠭᠤᠪᠠᠯ ᠲᠠᠮᠢᠷ ᠲᠡᠩᠬᠡᠭᠡ ᠶᠢ ᠨᠡᠮᠡᠭᠳᠡᠬᠦᠯᠵᠤ ᠬᠤᠭᠤᠯᠠᠢ ᠪᠠᠭᠠᠯᠵᠠᠭᠤᠷ ᠲᠤ ᠰᠠᠶᠢᠨ᠃   ︿3︶ ᠴᠢᠪᠠᠭ᠎ᠠ ᠶᠢ ᠮᠦᠰᠦᠨ ᠰᠢᠬᠡᠷ᠂ ᠲᠤᠳᠤᠷᠭ᠎ᠠ ᠪᠤᠶᠤ ᠨᠠᠷᠢᠮᠤ ᠪᠤᠳᠠᠭ᠎ᠠ ᠲᠠᠢ ᠰᠢᠩᠬᠡᠨ ᠵᠤᠳᠠᠩ ᠪᠤᠯᠭᠠᠨ ᠴᠢᠨᠠᠵᠤ ᠢᠳᠡᠪᠡᠯ ᠠᠭᠤᠰᠬᠢᠨ ᠬᠠᠯᠠᠭᠤᠨ ᠢ ᠬᠦᠭᠡᠭᠡᠵᠤ ᠬᠠᠨᠢᠶᠠᠳᠤ ᠳᠤ ᠲᠤᠰᠠᠳᠠᠢ᠃   ︿4︶ ᠴᠢᠪᠠᠭ᠎ᠠ᠂ ᠯᠤᠤ ᠶᠢᠨ ᠨᠢᠳᠤ᠂ ᠤᠯᠠᠭᠠᠨ ᠰᠢᠬᠡᠷ᠂ ᠦᠨᠳᠡᠭᠡ ᠲᠠᠢ ᠴᠤᠭ ᠴᠢᠨᠠᠵᠤ ᠢᠳᠡᠪᠡᠯ ᠦᠩᠬᠡ ᠵᠢᠰᠤ ᠶᠢ ᠭᠤᠶᠤᠵᠢᠭᠤᠯᠬᠤ ᠦᠢᠯᠡᠳᠤᠯ ᠲᠠᠢ᠃  ︿5︶ ᠴᠢᠪᠠᠭ᠎ᠠ ᠶᠢ ᠠᠷᠢᠬᠢᠨ ᠳᠤ ᠲᠡᠪᠳᠤᠭᠡᠵᠤ ᠵᠤᠬᠢᠮᠵᠢᠳᠠᠢ ᠤᠤᠭᠤᠵᠤ ᠨᠢ ᠴᠢᠰᠤᠨ ᠡᠷᠭᠢᠯᠳᠡ ᠶᠢ ᠰᠠᠶᠢᠵᠢᠷᠠᠭᠤᠯᠵᠤ᠂ ᠬᠤᠳᠤᠭᠤᠳᠤ ᠬᠡᠲᠡᠰᠤ ᠶᠢ ᠭᠠᠮᠨᠠᠵᠤ ᠬᠠᠮᠠᠭᠠᠯᠠᠬᠤ ᠦᠢᠯᠡᠳᠦᠯ ᠲᠠᠢ ᠪᠠᠶᠢᠳᠠᠭ᠃     
ᠢᠷᠡᠯᠲᠡ᠄ ᠠᠯᠠᠱᠨ ᠵᠡᠬᠦᠨ ᠬᠤᠰᠢᠭᠤᠨ ᠤ ᠠᠷᠠᠳ ᠤᠨ ᠵᠠᠰᠠᠭ ᠤᠨ ᠤᠷᠲᠦᠨ